ᠦᠨᠳᠦᠰᠦᠨ ᠦ ᠳ᠋ᠠᠲ᠋ᠠ ᠲᠥᠪ

NoSQL ᠥᠭᠭᠥᠭᠳᠡᠯ ᠦᠨ ᠰᠠᠨ

《NoSQL》 ᠭᠡᠳᠡᠭ ᠨᠢ 《Non SQL᠂ Not Only SQL》 ᠪᠤᠶᠤ ᠥᠭᠭᠥᠭᠳᠡᠯ ᠦᠨ ᠰᠠᠩ ᠢ ᠤᠳᠤᠷᠢᠳᠬᠤ 《SQL》 ᠬᠡᠯᠡ ᠦᠭᠡᠢ ᠥᠭᠭᠥᠭᠳᠡᠯ ᠦᠨ ᠰᠠᠨ ᠭᠡᠰᠡᠨ ᠦᠭᠡ ᠶᠤᠮ. 《NoSQL》 ᠥᠭᠭᠥᠭᠳᠡᠯ ᠦᠨ ᠰᠠᠩ ᠨᠢ ᠣᠷᠴᠢᠨ ᠦᠶ᠎ᠡ ᠶᠢᠨ ᠫᠷᠣᠭᠷᠠᠮ ᠬᠠᠩᠭᠠᠮᠵᠢ ᠬᠥᠭᠵᠢᠭᠦᠯᠬᠦ ᠳᠦ ᠲᠠᠯᠪᠢᠭᠳᠠᠬᠤ ᠱᠠᠭᠠᠷᠳᠠᠯᠭ᠎ᠠ ᠨᠤᠭᠤᠳ ᠲᠤ ᠦᠨᠳᠦᠰᠦᠯᠡᠨ ᠥᠭᠭᠥᠭᠳᠡᠯ ᠦᠨ ᠰᠠᠩ ᠤᠨ ᠣᠯᠠᠨ ᠲᠥᠷᠥᠯ ᠦᠨ᠂ ᠥᠷᠭᠡᠨ ᠬᠦᠷᠢᠶᠡᠨ ᠦ ᠥᠭᠡᠷ᠎ᠡ ᠥᠭᠡᠷ᠎ᠡ ᠲᠧᠭᠨᠣᠯᠣᠭᠢ ᠨᠤᠭᠤᠳ ᠢ ᠥᠪᠡᠷᠲᠡᠭᠡᠨ ᠠᠭᠤᠯᠠᠳᠠᠭ. 《NoSQL》 ᠥᠭᠭᠥᠭᠳᠡᠯ ᠦᠨ ᠰᠠᠨ ᠡᠭᠦᠰᠬᠦ ᠪᠣᠯᠤᠭᠰᠠᠨ ᠬᠡᠳᠦ ᠬᠡᠳᠦᠨ ᠰᠢᠯᠲᠠᠭᠠᠨ ᠲᠠᠢ᠃ ᠡᠭᠦᠨ ᠳᠦ᠄

  • ᠫᠷᠣᠭᠷᠠᠮ ᠬᠠᠩᠭᠠᠮᠵᠢ ᠬᠥᠭᠵᠢᠭᠦᠯᠦᠭᠴᠢᠳ ᠨᠢ ᠥᠷᠭᠡᠨ ᠬᠦᠷ᠎ᠡ ᠶᠢ ᠬᠠᠮᠤᠷᠤᠭᠰᠠᠨ ᠬᠤᠷᠳᠤᠴᠠ ᠲᠠᠢ ᠥᠭᠡᠷᠡᠴᠢᠯᠡᠭᠳᠡᠳᠡᠭ ᠪᠦᠲᠦᠴᠡᠯᠡᠭᠳᠡᠭᠰᠡᠨ᠂ ᠬᠠᠭᠠᠰ ᠪᠦᠲᠦᠴᠡᠯᠡᠭᠳᠡᠭᠰᠡᠨ᠂ ᠪᠦᠲᠦᠴᠡᠯᠡᠭᠳᠡᠭᠡ ᠦᠭᠡᠢ ᠮᠥᠨ ᠣᠯᠠᠨ ᠬᠡᠯᠪᠡᠷᠢ ᠳᠦ ᠥᠭᠭᠥᠭᠳᠡᠯ ᠦᠨ ᠲᠥᠷᠥᠯ ᠦᠳ ᠢ ᠡᠭᠦᠰᠬᠡᠳᠡᠭ ᠫᠷᠣᠭᠷᠠᠮ ᠬᠠᠩᠭᠠᠮᠵᠢ ᠶᠢ ᠠᠰᠢᠭᠯᠠᠬᠤ ᠪᠣᠯᠤᠭᠰᠠᠨ᠃
  • ᠳᠡᠶᠢᠯᠦᠩᠬᠢ ᠬᠡᠷᠡᠭᠯᠡᠭᠴᠢᠳ ᠦᠨ ᠠᠰᠢᠭᠯᠠᠬᠤ ᠪᠣᠯᠤᠭᠰᠠᠨ ᠫᠷᠣᠭᠷᠠᠮ ᠬᠠᠩᠭᠠᠮᠵᠢ ᠨᠤᠭᠤᠳ ᠨᠢ ᠥᠨᠥ ᠦᠶ᠎ᠡ ᠳᠦ ᠲᠠᠰᠤᠷᠠᠯᠲᠠ ᠦᠭᠡᠢ ᠠᠵᠢᠯᠯᠠᠭ᠎ᠠ ᠲᠠᠢ᠂ ᠣᠯᠠᠨ ᠲᠥᠷᠥᠯ ᠦᠨ ᠲᠥᠬᠥᠭᠡᠷᠦᠮᠵᠢ ᠨᠦᠭᠦᠳ ᠡᠴᠡ ᠬᠠᠨᠳᠤᠬᠤ ᠪᠣᠯᠤᠮᠵᠢ ᠶᠢ ᠣᠯᠭᠤᠵᠤ ᠪᠠᠶᠢᠭ᠎ᠠ ᠪᠥᠭᠡᠳ ᠳᠡᠯᠡᠬᠡᠢ ᠳᠠᠶᠠᠭᠠᠷ ᠰᠠᠶ᠋ᠢ ᠰᠠᠶ᠋ᠢ ᠬᠡᠷᠡᠭᠯᠡᠭᠴᠢᠳ ᠢ ᠬᠠᠮᠤᠷᠴᠢ ᠠᠵᠢᠯᠯᠠᠵᠤ ᠪᠠᠶᠢᠨ᠎ᠠ᠃
  • ᠪᠠᠶᠢᠭᠤᠯᠤᠯᠭ᠎ᠠ ᠨᠤᠭᠤᠳ ᠨᠢ ᠥᠨᠥ ᠦᠶ᠎ᠡ ᠳᠦ ᠨᠡᠭᠡᠭᠡᠯᠲᠡ ᠲᠡᠢ ᠡᠬᠡ ᠶᠢᠨ ᠫᠷᠣᠭᠷᠠᠮ ᠬᠠᠩᠭᠠᠮᠵᠢ᠂ ᠥᠨᠳᠥᠷ ᠦᠵᠡᠭᠦᠯᠦᠯᠲᠡ ᠲᠡᠢ ᠰᠧᠷᠸᠧᠷ᠂ ᠰᠲ᠋ᠣᠷᠡᠶᠢᠵᠤ ᠵᠡᠷᠭᠡ ᠶᠢ ᠲᠡᠳᠦᠶᠢᠯᠡᠨ ᠠᠰᠢᠭᠯᠠᠬᠤ ᠠᠴᠠ ᠲᠠᠲᠠᠭᠠᠯᠵᠠᠵᠤ᠂ ᠡᠭᠦᠯᠡᠨ ᠲᠣᠭᠠᠴᠠᠭᠠᠯᠠᠯ ᠢ ᠠᠰᠢᠭᠯᠠᠭᠰᠠᠨ ᠠᠷᠬᠢᠲ᠋ᠧᠺᠲ᠋ᠣᠷ ᠢ ᠦᠢᠯᠡ ᠠᠵᠢᠯᠯᠠᠭᠠᠨ ᠳᠤ ᠪᠠᠨ ᠠᠰᠢᠭᠯᠠᠬᠤ ᠪᠣᠯᠤᠭᠰᠠᠨ᠃

《SQL》 ᠥᠭᠭᠥᠭᠳᠡᠯ ᠦᠨ ᠰᠠᠩ ᠨᠢ ᠣᠷᠴᠢᠨ ᠦᠶ᠎ᠡ ᠶᠢᠨ ᠫᠷᠣᠭᠷᠠᠮ ᠬᠠᠩᠭᠠᠮᠵᠢ ᠨᠤᠭᠤᠳ ᠲᠤ ᠲᠤᠯᠭᠠᠷᠠᠳᠠᠭ ᠥᠷᠭᠡᠨ ᠬᠦᠷ᠎ᠡ ᠶᠢ ᠬᠠᠮᠤᠷᠤᠭᠰᠠᠨ ᠬᠤᠷᠳᠤᠴᠠ ᠲᠠᠢ ᠥᠭᠡᠷᠡᠴᠢᠯᠡᠭᠳᠡᠳᠡᠭ ᠪᠠᠶᠢᠬᠤ ᠰᠢᠯᠭᠠᠭᠤᠷ ᠤᠳ ᠢ ᠬᠠᠩᠭᠠᠬᠤ ᠦᠭᠡᠢ ᠪᠠᠶᠢᠨ᠎ᠠ᠃ ᠮᠥᠨ ᠲᠡᠭᠦᠨᠴᠢᠯᠡᠨ ᠥᠨᠥ ᠦᠶ᠎ᠡ ᠶᠢᠨ ᠥᠨᠳᠥᠷ ᠦᠵᠡᠭᠦᠯᠦᠯᠲᠡ ᠪᠦᠬᠦᠢ ᠰᠲ᠋ᠣᠷᠡᠶᠢᠵᠤ᠂ ᠪᠣᠯᠪᠠᠰᠤᠷᠠᠭᠤᠯᠤᠯᠲᠠ ᠶᠢᠨ ᠬᠦᠴᠦᠨ ᠴᠢᠳᠠᠯ ᠤᠨ ᠳᠠᠪᠠᠭᠤ ᠲᠠᠯ᠎ᠠ ᠶᠢ ᠠᠰᠢᠭᠯᠠᠬᠤ ᠪᠠᠷ ᠵᠠᠭᠪᠤᠷᠴᠢᠯᠠᠭᠳᠠᠭ᠎ᠠ ᠦᠭᠡᠢ᠃ ᠬᠠᠷᠢᠨ 《NoSQL》 ᠥᠭᠭᠥᠭᠳᠡᠯ ᠦᠨ ᠰᠠᠩ ᠤᠨ ᠬᠤᠪᠢ ᠳᠤ ᠳᠡᠭᠡᠷᠡᠬᠢ ᠠᠰᠠᠭᠤᠳᠠᠯ ᠤᠳ ᠬᠢᠯᠪᠠᠷ ᠢᠶᠠᠷ ᠰᠢᠢᠳᠦᠭᠳᠡᠳᠡᠭ. 《NoSQL》 ᠍ ᠲᠤ ᠬᠠᠮᠢᠶᠠᠷᠬᠤ ᠶᠡᠬᠡᠩᠬᠢ ᠥᠭᠭᠥᠭᠳᠡᠯ ᠦᠨ ᠰᠠᠩ ᠨᠢ ᠠᠩᠬᠠᠨ ᠠᠴᠠ ᠪᠠᠨ ᠲᠠᠷᠬᠠᠮᠠᠯ᠂ ᠥᠷᠭᠡᠳᠬᠡᠬᠦ ᠳᠦ ᠬᠢᠯᠪᠠᠷ ᠪᠠᠶᠢᠬᠤ ᠪᠠᠷ ᠵᠠᠭᠪᠤᠷᠴᠢᠯᠠᠭᠳᠠᠭᠰᠠᠨ ᠪᠠᠶᠢᠳᠠᠭ᠃ ᠭᠡᠪᠡᠴᠦ 《NoSQL》 ᠥᠭᠭᠥᠭᠳᠡᠯ ᠦᠨ ᠰᠠᠩ ᠢ ᠠᠰᠢᠭᠯᠠᠨ ᠫᠷᠣᠭᠷᠠᠮ ᠬᠥᠭᠵᠢᠭᠦᠯᠬᠦ ᠳᠦ ᠬᠦᠨᠳᠦᠷᠡᠯ ᠲᠡᠢ ᠪᠠᠶᠢᠳᠠᠭ ᠪᠥᠭᠡᠳ 《SQL》 ᠠᠰᠢᠭᠯᠠᠬᠤ ᠦᠭᠡᠢ ᠪᠡᠷ ᠥᠭᠭᠥᠭᠳᠡᠯ ᠦᠨ ᠰᠠᠨ ᠤᠳᠤᠷᠢᠳᠬᠤ ᠨᠢ ᠰᠢᠨᠡᠯᠢᠭ ᠵᠦᠢᠯ ᠪᠥᠭᠡᠳ ᠫᠷᠣᠭᠷᠠᠮ ᠬᠠᠩᠭᠠᠮᠵᠢ ᠶᠢᠨ ᠰᠢᠢᠳᠦᠯ ᠢ ᠭᠠᠷᠭᠠᠬᠤ ᠶᠢᠨ ᠲᠤᠯᠠᠳᠠ ᠥᠭᠡᠷ᠎ᠡ ᠥᠨᠴᠦᠭ ᠡᠴᠡ ᠬᠠᠷᠠᠵᠤ ᠺᠣᠳ᠋ ᠪᠢᠴᠢᠬᠦ ᠱᠠᠭᠠᠷᠳᠠᠯᠭ᠎ᠠ ᠲᠤᠯᠭᠠᠷᠠᠳᠠᠭ᠃

《NoSQL》 ᠥᠭᠭᠥᠭᠳᠡᠯ ᠦᠨ ᠰᠠᠩ ᠤᠨ ᠲᠥᠷᠦᠯ ᠦᠳ᠄

  • Document database᠄ ᠴᠣᠭᠴᠠ ᠥᠭᠭᠥᠭᠳᠡᠯ ᠦᠨ ᠪᠦᠲᠦᠴᠡ ᠲᠡᠢ ᠲᠡᠳᠡᠭᠡᠷ ᠨᠢ ᠲᠦᠯᠬᠢᠭᠦᠷ ᠦᠭᠡ ᠪᠦᠷᠢ ᠲᠡᠢ ᠬᠣᠯᠪᠣᠭᠳᠠᠳᠠᠭ᠃
  • Graph stores᠄ ᠣᠯᠠᠨ ᠨᠡᠶᠢᠲᠡ ᠶᠢᠨ ᠰᠦᠯᠵᠢᠶᠡᠨ ᠦ ᠥᠭᠭᠥᠭᠳᠡᠯ ᠢ ᠬᠠᠳᠠᠭᠠᠯᠠᠳᠠᠭ᠃
  • Key-value stores᠄ ᠡᠨᠡ ᠨᠢ ᠬᠠᠮᠤᠭ ᠤᠨ ᠡᠩ ᠦᠨ ᠪᠦᠲᠦᠴᠡ ᠲᠡᠢ᠂ ᠠᠰᠢᠭᠯᠠᠬᠤ ᠳᠤ ᠬᠢᠯᠪᠠᠷ 《NoSQL》 ᠥᠭᠭᠥᠭᠳᠡᠯ ᠦᠨ ᠰᠠᠩ ᠤᠨ ᠨᠢᠭᠡ ᠲᠥᠷᠦᠯ ᠨᠢ ᠶᠤᠮ᠃ ᠲᠤᠬᠠᠢ ᠶᠢᠨ ᠲᠥᠷᠦᠯ ᠦᠨ ᠥᠭᠭᠥᠭᠳᠡᠯ ᠪᠦᠷ ᠨᠢ ᠤᠳᠬ᠎ᠠ ᠶᠢᠨ ᠬᠠᠮᠲᠤ ᠪᠠᠷ ᠲᠦᠯᠬᠢᠭᠦᠷ (key) ᠦᠭᠡ ᠪᠡᠷ ᠬᠠᠳᠠᠭᠠᠯᠠᠭᠳᠠᠳᠠᠭ ᠣᠨᠴᠠᠯᠢᠭ ᠲᠠᠢ᠃
  • Wide-column stores᠄ Cassandra ᠪᠣᠯᠤᠨ Hbase ᠵᠡᠷᠭᠡ ᠥᠭᠭᠥᠭᠳᠡᠯ ᠦᠨ ᠰᠠᠩ ᠨᠢ ᠶᠡᠬᠡ ᠬᠡᠮᠵᠢᠶᠡᠨ ᠦ ᠥᠭᠭᠥᠭᠳᠡᠯ ᠦᠨ ᠪᠠᠭᠴᠠ ᠳᠡᠭᠡᠷᠡᠬᠢ query ᠪᠢᠴᠢᠬᠦ ᠳᠦ ᠲᠣᠬᠢᠷᠠᠭᠤᠯᠤᠭᠳᠠᠭᠰᠠᠨ ᠪᠠᠶᠢᠳᠠᠭ ᠪᠥᠭᠡᠳ ᠵᠥᠪᠬᠡᠨ ᠪᠠᠭᠠᠨ᠎ᠠ ᠪᠠᠶᠢᠳᠠᠯ ᠢᠶᠠᠷ ᠬᠠᠳᠠᠭᠠᠯᠠᠳᠠᠭ᠃

《NoSQL》 ᠥᠭᠭᠥᠭᠳᠡᠯ ᠦᠨ ᠰᠠᠩ ᠤᠨ ᠳᠠᠪᠠᠭᠤ ᠲᠠᠯ᠎ᠠ ᠨᠤᠭᠤᠳ᠄

《SQL》ᠥᠭᠭᠥᠭᠳᠡᠯ ᠦᠨ ᠰᠠᠩ ᠲᠠᠢ ᠬᠠᠷᠢᠴᠠᠭᠤᠯᠬᠤ ᠳᠤ 《NoSQL》 ᠥᠭᠭᠥᠭᠳᠡᠯ ᠦᠨ ᠰᠠᠩ ᠨᠢ ᠦᠷᠭᠡᠳᠭᠡᠬᠦ ᠪᠣᠯᠤᠮᠵᠢ ᠲᠠᠢ ᠮᠥᠨ ᠳᠡᠭᠡᠳᠦ ᠵᠡᠷᠭᠡ ᠶᠢᠨ ᠬᠦᠴᠦᠨ ᠴᠢᠳᠠᠯ ᠢ ᠦᠵᠡᠭᠦᠯᠦᠨ᠎ᠡ᠃ ᠮᠥᠨ 《SQL》 ᠍ ᠤᠨ ᠥᠭᠭᠥᠭᠳᠡᠯ ᠦᠨ ᠵᠠᠭᠪᠤᠷ ᠨᠢ ᠪᠦᠲᠦᠴᠡᠯᠡᠭᠳᠡᠭᠰᠡᠨ ᠥᠭᠭᠥᠭᠳᠡᠯ ᠦᠨ ᠰᠠᠩ ᠤᠨ ᠬᠤᠪᠢ ᠳᠤ ᠬᠠᠶ᠋ᠢᠭᠯᠠᠬᠤ ᠪᠠᠷ ᠵᠠᠭᠪᠤᠷᠴᠢᠯᠠᠭᠳᠠᠭ᠎ᠠ ᠦᠭᠡᠢ ᠪᠠᠶᠢᠳᠠᠭ ᠪᠣᠯ 《NoSQL》 ᠍ ᠤᠨ ᠬᠤᠪᠢ ᠳᠤ ᠬᠡᠳᠦ ᠬᠡᠳᠦᠨ ᠰᠢᠢᠳᠦᠯ ᠦᠳ ᠢᠶᠡᠷ ᠬᠠᠶ᠋ᠢᠭᠯᠠᠬᠤ ᠪᠠᠷ ᠪᠦᠲᠦᠭᠡᠭᠳᠡᠭᠰᠡᠨ᠃

  • ᠪᠦᠲᠦᠴᠡᠯᠡᠭᠳᠡᠭᠰᠡᠨ᠂ ᠬᠠᠭᠠᠰ ᠪᠦᠲᠦᠴᠡᠯᠡᠭᠳᠡᠭᠰᠡᠨ᠂ ᠪᠦᠲᠦᠴᠡᠯᠡᠭᠳᠡᠭᠡ ᠦᠭᠡᠢ ᠮᠥᠨ ᠬᠤᠷᠳᠤᠨ ᠥᠭᠡᠷᠡᠴᠢᠯᠡᠭᠳᠡᠳᠡᠭ ᠶᠡᠬᠡ ᠬᠡᠮᠵᠢᠶᠡᠨ ᠦ ᠥᠭᠭᠦᠭᠳᠡᠯᠲᠡᠢ ᠠᠵᠢᠯᠯᠠᠳᠠᠭ᠃
  • ᠪᠣᠭᠣᠨᠢ ᠬᠤᠭᠤᠴᠠᠭᠠᠨ ᠤ ᠺᠣᠳ᠋ ᠍ ᠤᠨ ᠰᠢᠨᠡᠴᠢᠯᠡᠯ ᠳᠦ ᠲᠣᠬᠢᠷᠠᠮᠵᠢᠲᠠᠢ᠃
  • ᠣᠪᠶᠧᠺᠲ ᠬᠠᠨᠳᠤᠯᠲᠠ ᠫᠷᠣᠭᠷᠠᠮᠴᠢᠯᠠᠯ ᠳᠤ ᠠᠰᠢᠭᠯᠠᠬᠤ ᠳᠤ ᠬᠢᠯᠪᠠᠷ ᠮᠥᠨ ᠤᠶᠠᠨ ᠬᠠᠲᠠᠨ᠃
  • ᠨᠦᠰᠡᠷ ᠠᠷᠬᠢᠲ᠋ᠧᠺᠲ᠋ᠣᠷ ᠤᠨ ᠣᠷᠣᠨ ᠳᠤ ᠭᠠᠵᠠᠷ ᠵᠦᠢ ᠶᠢᠨ ᠬᠤᠪᠢ ᠳᠤ ᠲᠠᠷᠬᠠᠭᠰᠠᠨ ᠠᠷᠬᠢᠲ᠋ᠧᠺᠲ᠋ᠣᠷ ᠲᠠᠢ

SQL᠂ NoSQL ᠥᠭᠭᠥᠭᠳᠡᠯ ᠦᠨ ᠰᠠᠩ ᠤᠨ ᠬᠠᠷᠢᠴᠠᠭᠤᠯᠤᠯᠲᠠ᠄

ᠲᠥᠷᠥᠯ ᠦᠨ ᠬᠤᠪᠢ ᠳᠤ᠄

《SQL》 ᠥᠭᠭᠥᠭᠳᠡᠯ ᠦᠨ ᠰᠠᠩ ᠨᠢ ᠨᠢᠭᠡ ᠪᠦᠲᠦᠴᠡ ᠶᠢᠨ ᠨᠢᠭᠡ ᠲᠥᠷᠥᠯ ᠲᠡᠢ ᠥᠭᠭᠥᠭᠳᠡᠯ ᠦᠨ ᠰᠠᠨᠤᠭ ᠤᠳ ᠲᠠᠢ ᠪᠣᠯ 《NoSQL》 ᠥᠭᠭᠥᠭᠳᠡᠯ ᠦᠨ ᠰᠠᠩ ᠤᠨ ᠬᠤᠪᠢ Document database᠂ Graph stores᠂ Key-value stores᠂ Wide-column stores –ᠤᠳ ᠢ ᠪᠠᠭᠲᠠᠭᠠᠭᠰᠠᠨ ᠣᠯᠠᠨ ᠲᠥᠷᠥᠯ ᠲᠡᠢ᠃

ᠬᠥᠭᠵᠢᠭᠦᠯᠦᠯᠲᠡ ᠶᠢᠨ ᠲᠡᠦᠬᠡ᠄

ᠰᠲ᠋ᠣᠷᠡᠶᠢᠵᠢ ᠳᠤ ᠰᠠᠭᠤᠷᠢᠯᠠᠭᠰᠠᠨ ᠫᠷᠣᠭᠷᠠᠮ ᠬᠠᠩᠭᠠᠮᠵᠢ ᠬᠥᠭᠵᠢᠵᠦ ᠡᠬᠢᠯᠡᠭᠰᠡᠨ 1970 ᠣᠨ ᠠᠴᠠ 《SQL》 ᠥᠭᠭᠥᠭᠳᠡᠯ ᠦᠨ ᠰᠠᠨ ᠬᠥᠭᠵᠢᠭᠦᠯᠦᠭᠳᠡᠵᠦ ᠢᠷᠡᠭᠰᠡᠨ᠃ ᠬᠠᠷᠢᠨ 2000 ᠣᠨ ᠤ ᠰᠡᠭᠦᠯᠡᠷ 《SQL》 ᠥᠭᠭᠥᠭᠳᠡᠯ ᠦᠨ ᠰᠠᠩ ᠤᠨ ᠥᠷᠭᠡᠵᠢᠭᠦᠯᠬᠦ ᠪᠣᠯᠤᠮᠵᠢ᠂ ᠣᠯᠠᠨ ᠪᠦᠲᠦᠴᠡ ᠲᠡᠢ ᠥᠭᠭᠥᠭᠳᠡᠯ᠂ ᠭᠠᠵᠠᠷ ᠵᠦᠢ ᠶᠢᠨ ᠲᠠᠷᠬᠠᠴᠠ ᠪᠣᠯᠤᠨ ᠲᠦᠷᠭᠡᠨ ᠬᠤᠭᠤᠴᠠᠭᠠᠨ ᠤ ᠬᠥᠭᠵᠢᠭᠦᠯᠦᠯᠲᠡ ᠶᠢᠨ ᠬᠢᠵᠠᠭᠠᠷᠯᠠᠭᠳᠠᠮᠠᠯ ᠪᠠᠶᠢᠳᠠᠯ ᠳᠤ ᠦᠨᠳᠦᠰᠦᠯᠡᠨ 《NoSQL》 ᠥᠭᠭᠥᠭᠳᠡᠯ ᠦᠨ ᠰᠠᠩ ᠢ ᠬᠥᠭᠵᠢᠭᠦᠯᠦᠭᠰᠡᠨ᠃

ᠥᠭᠭᠥᠭᠳᠡᠯ ᠦᠨ ᠰᠠᠩᠭ᠎ᠠ ᠨᠤᠭᠤᠳ ᠤᠨ ᠵᠢᠱᠢᠶ᠎ᠡ ᠄

《SQL》 ᠥᠭᠭᠥᠭᠳᠡᠯ ᠦᠨ ᠰᠠᠩ ᠤᠨ ᠪᠦᠯᠦᠭ ᠲᠦ MySQL᠂ Postgres᠂ MSSQL Server᠂ Oracle ᠨᠢ ᠬᠠᠮᠢᠶᠠᠷᠤᠭᠳᠠᠳᠠᠭ ᠪᠣᠯ᠂ 《NoSQL》 ᠥᠭᠭᠥᠭᠳᠡᠯ ᠦᠨ ᠰᠠᠩ ᠳᠤ MongoDB᠂ Cassandra᠂ HBase᠂ Neo4J ᠵᠡᠷᠭᠡ ᠥᠭᠭᠥᠭᠳᠡᠯ ᠦᠨ ᠰᠠᠩᠭ᠎ᠠ ᠨᠤᠭᠤᠳ ᠬᠠᠮᠢᠶᠠᠷᠤᠨ᠎ᠠ᠃

ᠥᠭᠭᠥᠭᠳᠡᠯ ᠦᠨ ᠰᠠᠨᠠᠬᠤ ᠪᠠᠶᠢᠭᠤᠯᠤᠮᠵᠢ ᠶᠢᠨ ᠵᠠᠭᠪᠤᠷ ᠤᠨ ᠬᠤᠪᠢ ᠳᠤ 《SQL》 ᠥᠭᠭᠥᠭᠳᠡᠯ ᠦᠨ ᠰᠠᠩ ᠳᠡᠭᠡᠷ᠎ᠡ ᠵᠢᠱᠢᠶ᠎ᠡ ᠠᠪᠴᠤ ᠲᠠᠶᠢᠯᠪᠤᠷᠢᠯᠠᠪᠠᠯ᠄ ᠠᠯᠪᠠᠨ ᠭᠠᠵᠠᠷ ᠪᠣᠯᠤᠨ ᠠᠵᠢᠯᠴᠢᠳ ᠤᠨ ᠲᠠᠯᠠᠭᠠᠷᠬᠢ ᠮᠡᠳᠡᠭᠡᠯᠡᠯ ᠨᠢ ᠥᠭᠡᠷ᠎ᠡ ᠥᠭᠡᠷ᠎ᠡ ᠨᠢᠭᠡ ᠬᠦᠰᠦᠨᠦᠭᠲᠦ ᠳᠦ ᠬᠠᠳᠠᠭᠠᠯᠠᠭᠳᠠᠳᠠᠭ᠃ ᠬᠡᠷᠡᠭᠯᠡᠭᠴᠢ ᠲᠤᠬᠠᠢ ᠶᠢᠨ ᠠᠵᠢᠯᠲᠠᠨ ᠤ ᠠᠵᠢᠯ ᠤᠨ ᠭᠠᠵᠠᠷ ᠤᠨ ᠬᠠᠶᠠᠭ᠎ᠠ ᠶᠢ ᠮᠡᠳᠡᠬᠦ ᠶᠢ ᠬᠦᠰᠡᠭᠰᠡᠨ ᠦᠶ᠎ᠡ ᠳᠦ ᠥᠭᠭᠥᠭᠳᠡᠯ ᠦᠨ ᠰᠠᠩ ᠠᠴᠠ 《ᠠᠵᠢᠯᠴᠢᠨ》 ᠪᠣᠯᠤᠨ 《ᠠᠯᠪᠠᠨ ᠭᠠᠵᠠᠷ》 ᠭᠡᠰᠡᠨ ᠬᠦᠰᠦᠨᠦᠭᠲᠦ ᠨᠦᠭᠦᠳ ᠡᠴᠡ ᠬᠡᠷᠡᠭᠴᠡᠭᠡᠲᠦ ᠮᠡᠳᠡᠭᠡᠯᠡᠯ ᠢᠶᠡᠨ ᠨᠢᠭᠡᠳᠬᠡᠨ ᠣᠯᠵᠤ ᠠᠪᠳᠠᠭ᠃ ᠬᠠᠷᠢᠨ 《NoSQL》 ᠥᠭᠭᠥᠭᠳᠡᠯ ᠦᠨ ᠰᠠᠩ ᠨᠢ ᠥᠭᠭᠥᠭᠳᠡᠯ ᠦᠨ ᠰᠠᠩ ᠤᠨ ᠲᠥᠷᠦᠯ ᠡᠴᠡ ᠬᠠᠮᠢᠶᠠᠷᠴᠢ ᠥᠭᠡᠷ᠎ᠡ ᠥᠭᠡᠷ᠎ᠡ ᠪᠠᠶᠢᠳᠠᠭ᠃

ᠵᠢᠱᠢᠶ᠎ᠡ ᠨᠢ᠄

《Key-value stores》 ᠥᠭᠭᠥᠭᠳᠡᠯ ᠦᠨ ᠰᠠᠩ ᠤᠨ ᠹᠦᠨᠺᠼ ᠨᠢ 《SQL》 ᠥᠭᠭᠥᠭᠳᠡᠯ ᠦᠨ ᠰᠠᠩ ᠲᠠᠢ ᠲᠥᠰᠲᠡᠢ ᠪᠥᠭᠡᠳ ᠵᠥᠪᠬᠡᠨ ᠤᠳᠬ᠎ᠠ (ᠢᠯᠡᠭᠦᠦ ᠴᠣᠭᠴᠠ ᠶᠡᠬᠡ ᠬᠡᠮᠵᠢᠶᠡᠨ ᠦ ᠮᠡᠳᠡᠭᠡᠯᠡ ᠠᠭᠤᠯᠠᠳᠠᠭ) ᠮᠥᠨ ᠲᠦᠯᠬᠢᠭᠦᠷ ᠦᠭᠡ ᠭᠡᠰᠡᠨ 2 ᠪᠠᠭᠠᠨ᠎ᠠ ᠲᠠᠢ ᠪᠠᠶᠢᠳᠠᠭ. 《Document database》 ᠨᠢ ᠬᠦᠰᠦᠨᠦᠭᠲᠦ ᠪᠣᠯᠤᠨ ᠮᠥᠷ ᠭᠡᠳᠡᠭ ᠵᠠᠭᠪᠤᠷ ᠢᠶᠠᠷ ᠪᠦᠭᠦᠳᠡ ᠶᠢ ᠨᠢ ᠨᠢᠭᠡ ᠹᠠᠶᠢᠯ ᠪᠤᠶᠤ JSON᠂ XML ᠡᠰᠡᠪᠡᠯ ᠥᠭᠡᠷ᠎ᠡ ᠶᠠᠮᠠᠷ ᠨᠢᠭᠡᠨ ᠥᠭᠭᠥᠭᠳᠡᠯ ᠢ ᠬᠠᠮᠢᠶᠠᠷᠤᠯᠲᠠᠢ ᠪᠠᠷ ᠬᠠᠳᠠᠭᠠᠯᠠᠵᠤ ᠴᠢᠳᠠᠬᠤ ᠪᠤᠰᠤᠳ ᠹᠠᠶᠢᠯ ᠳᠤ ᠬᠠᠳᠠᠭᠠᠯᠠᠳᠠᠭ᠃

ᠰᠾᠧᠮ ᠦᠳ᠄ 《SQL》 ᠥᠭᠭᠥᠭᠳᠡᠯ ᠦᠨ ᠰᠠᠩ ᠤᠨ ᠬᠤᠪᠢ ᠳᠤ ᠪᠦᠲᠦᠴᠡ ᠪᠣᠯᠤᠨ ᠥᠭᠭᠥᠭᠳᠡᠯ ᠦᠨ ᠲᠥᠷᠥᠯ ᠨᠢ ᠲᠣᠳᠣᠷᠬᠠᠶᠢᠯᠠᠭᠳᠠᠭᠰᠠᠨ ᠪᠠᠶᠢᠳᠠᠭ ᠪᠠ ᠰᠢᠨ᠎ᠡ ᠪᠡᠷ ᠪᠦᠲᠦᠴᠡ ᠪᠣᠯᠤᠨ ᠲᠥᠷᠥᠯ ᠨᠡᠮᠡᠬᠦ᠂ ᠬᠠᠳᠠᠭᠠᠯᠠᠬᠤ ᠶᠢᠨ ᠲᠤᠯᠠᠳᠠ ᠥᠭᠭᠥᠭᠳᠡᠯ ᠦᠨ ᠰᠠᠩ ᠢ ᠤᠨᠲᠠᠷᠠᠭᠠᠵᠤ ᠪᠦᠬᠦᠯᠢ ᠳᠦ ᠨᠢ ᠥᠭᠡᠷᠡᠴᠢᠯᠡᠳᠡᠭ᠃ ᠬᠠᠷᠢᠨ 《NoSQL》 ᠥᠭᠭᠥᠭᠳᠡᠯ ᠦᠨ ᠰᠠᠩ ᠨᠢ ᠵᠠᠷᠢᠮ ᠥᠭᠭᠥᠭᠳᠡᠯ ᠢ ᠪᠠᠲᠤᠯᠠᠭᠠᠵᠢᠭᠤᠯᠬᠤ ᠲᠣᠳᠣᠷᠬᠠᠢ ᠳᠦᠷᠢᠮ ᠲᠡᠢ ᠪᠣᠯᠪᠠᠴᠤ᠂ ᠶᠡᠷᠦᠩᠬᠡᠢ ᠳᠦ ᠪᠡᠨ ᠳ᠋ᠢᠨᠠᠮᠢᠺ ᠠᠵᠢᠯᠯᠠᠭ᠎ᠠ ᠲᠠᠢ ᠪᠠᠶᠢᠳᠠᠭ᠃ ᠮᠥᠨ ᠫᠷᠣᠭᠷᠠᠮ ᠬᠠᠩᠭᠠᠮᠵᠢ ᠨᠤᠭᠤᠳ ᠨᠢ ᠥᠭᠭᠥᠭᠳᠡᠯ ᠦᠨ ᠰᠠᠩ ᠳᠡᠭᠡᠷ᠎ᠡ ᠰᠢᠨ᠎ᠡ ᠲᠠᠯᠠᠪᠤᠷ ᠤᠳ ᠨᠡᠮᠡᠬᠦ ᠪᠣᠯᠤᠮᠵᠢ ᠲᠠᠢ᠂ ᠭᠡᠬᠦ ᠳᠦ ᠪᠡᠨ ᠡᠨᠡ ᠨᠢ 《SQL》 ᠪᠦᠲᠦᠴᠡ ᠲᠡᠢ ᠥᠭᠭᠥᠭᠳᠡᠯ ᠦᠨ ᠰᠠᠩ ᠳᠡᠭᠡᠷ᠎ᠡ ᠬᠦᠰᠦᠨᠦᠭᠲᠦ ᠶᠢᠨ ᠮᠥᠷ ᠨᠡᠮᠡᠬᠦ ᠲᠡᠢ ᠠᠳᠠᠯᠢ ᠦᠭᠡᠢ ᠶᠤᠮ᠃ ᠱᠠᠭᠠᠷᠳᠠᠯᠭ᠎ᠠ ᠲᠠᠢ ᠲᠣᠬᠢᠶᠠᠯᠳᠤᠯ ᠳᠤ ᠥᠭᠡᠷ᠎ᠡ ᠥᠭᠡᠷ᠎ᠡ ᠲᠥᠷᠥᠯ ᠦᠨ ᠥᠭᠭᠥᠭᠳᠡᠯ ᠦᠳ ᠢ ᠬᠠᠮᠲᠤ ᠳᠤ ᠨᠢ ᠬᠠᠳᠠᠭᠠᠯᠠᠵᠤ ᠪᠣᠯᠳᠠᠭ᠃

ᠥᠷᠭᠡᠵᠢᠭᠦᠯᠡᠯᠲᠡ (Scaling)᠄

ᠪᠣᠰᠤᠭ᠎ᠠ ᠵᠠᠭᠪᠤᠷ᠄ ᠥᠰᠴᠦ ᠪᠤᠢ ᠬᠡᠷᠡᠭᠴᠡᠭᠡ ᠶᠢ ᠬᠠᠩᠭᠠᠬᠤ ᠶᠢᠨ ᠲᠤᠯᠠᠳᠠ ᠲᠤᠬᠠᠢ ᠶᠢᠨ ᠨᠢᠭᠡ ᠰᠧᠷᠸᠧᠷ ᠤᠨ ᠬᠦᠴᠦᠨ ᠴᠢᠳᠠᠯ ᠢ ᠨᠡᠮᠡᠭᠳᠡᠭᠦᠯᠬᠦ ᠱᠠᠭᠠᠷᠳᠠᠯᠭ᠎ᠠ ᠲᠠᠢ. 《SQL》 ᠥᠭᠭᠥᠭᠳᠡᠯ ᠦᠨ ᠰᠠᠩ ᠢ ᠣᠯᠠᠨ ᠰᠧᠷᠸᠧᠷ ᠦᠳ ᠲᠦ ᠲᠠᠷᠠᠭᠠᠨ ᠪᠠᠶᠢᠷᠢᠰᠢᠭᠤᠯᠬᠤ ᠪᠣᠯᠤᠮᠵᠢ ᠲᠠᠢ᠂ ᠭᠡᠪᠡᠴᠦ ᠳᠡᠭᠡᠳᠦ ᠵᠡᠷᠭᠡ ᠶᠢᠨ ᠢᠨᠵᠧᠨᠧᠷᠴᠢᠯᠡᠯ ᠦᠨ ᠴᠢᠳᠠᠪᠤᠷᠢ ᠱᠠᠭᠠᠷᠳᠠᠳᠠᠭ ᠮᠥᠨ Join ᠵᠡᠷᠭᠡ ᠭᠣᠣᠯ ᠬᠣᠯᠪᠣᠳᠠᠭ ᠺᠣᠮᠮᠠᠨᠳ ᠤᠳ ᠨᠢ ᠠᠵᠢᠯᠯᠠᠳᠠᠭ ᠦᠭᠡᠢ᠃

ᠬᠡᠪᠲᠡᠭᠡ ᠵᠠᠭᠪᠤᠷ᠄ ᠦᠢᠯᠡᠴᠢᠯᠡᠭᠡᠨ ᠦ ᠰᠧᠷᠸᠧᠷ ᠦᠳ ᠡᠰᠡᠪᠡᠯ ᠡᠭᠦᠯᠡᠨ ᠲᠣᠭᠠᠴᠠᠭᠠᠯᠠᠯ ᠤᠨ ᠰᠧᠷᠸᠧᠷ ᠦᠳ ᠢ ᠨᠡᠮᠡᠬᠦ ᠳᠦ ᠬᠢᠯᠪᠠᠷ ᠪᠥᠭᠡᠳ ᠬᠡᠷᠡᠭᠴᠡᠭᠡ ᠲᠡᠢ ᠦᠶ᠎ᠡ ᠳᠦ ᠥᠭᠭᠥᠭᠳᠡᠯ ᠦᠨ ᠰᠠᠩ ᠨᠢ ᠠᠦ᠋ᠲ᠋ᠣᠮᠠᠲ ᠢᠶᠠᠷ ᠣᠯᠠᠨ ᠰᠧᠷᠸᠧᠷ ᠳᠡᠭᠡᠷ᠎ᠡ ᠲᠠᠷᠬᠠᠨ ᠠᠵᠢᠯᠯᠠᠳᠠᠭ. 《NoSQL》 ᠥᠭᠭᠥᠭᠳᠡᠯ ᠦᠨ ᠰᠠᠩ ᠨᠢ ᠬᠡᠪᠲᠡᠭᠡ ᠵᠠᠭᠪᠤᠷ ᠤᠨ ᠥᠷᠭᠡᠵᠢᠭᠦᠯᠦᠯᠲᠡ ᠶᠢ ᠠᠰᠢᠭᠯᠠᠳᠠᠭ᠃

 

ᠡᠬᠡ ᠰᠤᠷᠪᠤᠯᠵᠢ ᠄

https://www.mongodb.com/nosql-explained

http://eflorenzano.com/blog/2009/07/21/my-thoughts-nosql/

https://en.wikipedia.org/wiki/NoSQL