ᠦᠨᠳᠦᠰᠦᠨ ᠦ ᠳ᠋ᠠᠲ᠋ᠠ ᠲᠥᠪ

ᠲᠸᠢᠲ᠋ᠲ᠋ᠧᠷ ᠦᠨ 140 ᠲᠡᠮᠳᠡᠭᠲᠦ ᠶᠢᠨ ᠠᠰᠢᠭᠯᠠᠯᠲᠠ ᠨᠡᠮᠡᠭᠳᠡᠨ᠎ᠡ

ᠢᠷᠡᠬᠦ ᠳᠣᠯᠣᠭ᠎ᠠ ᠬᠣᠨᠣᠭ ᠠᠴᠠ ᠪᠤᠶᠤ ᠶᠢᠰᠦᠳᠦᠭᠡᠷ ᠰᠠᠷ᠎ᠠ ᠶᠢᠨ 19 ᠍ ᠨ ᠡᠴᠡ ᠲᠸᠢᠲ᠋ᠲ᠋ᠧᠷ ᠦᠨ 140 ᠲᠡᠮᠳᠡᠭᠲᠦ ᠶᠢᠨ ᠠᠰᠢᠭᠯᠠᠯᠲᠠᠨ ᠳᠤ ᠵᠠᠷᠢᠮ ᠥᠭᠡᠷᠡᠴᠢᠯᠡᠯᠲᠡ ᠣᠷᠣᠬᠤ ᠶᠢ ᠲᠤᠰ ᠺᠣᠮᠫᠠᠨᠢ ᠲᠠᠢ ᠣᠶᠢᠷ᠎ᠠ ᠠᠵᠢᠯᠯᠠᠳᠠᠭ ᠡᠬᠡ ᠰᠤᠷᠪᠤᠯᠵᠢ ᠨᠤᠭᠤᠳ ᠮᠡᠳᠡᠭᠡᠯᠡᠯ᠎ᠡ᠃

ᠡᠮᠦᠨ᠎ᠡ ᠨᠢ ᠲᠠᠪᠤᠳᠤᠭᠠᠷ ᠰᠠᠷ᠎ᠠ ᠳᠤ ᠲᠸᠢᠲ᠋ᠲ᠋ᠧᠷ ᠺᠣᠮᠫᠠᠨᠢ ᠠᠮᠠᠯᠠᠵᠤ ᠪᠠᠶᠢᠭᠰᠠᠨᠴᠢᠯᠠᠨ ᠵᠢᠷᠭᠢᠭᠡᠨ ᠳᠦ ᠬᠠᠪᠰᠠᠷᠭᠠᠭᠰᠠᠨ ᠮᠧᠳᠢᠶᠠ ᠺᠣᠨᠲ᠋ᠧᠨᠲ ᠤᠳ ᠨᠢ 140 ᠲᠡᠮᠳᠡᠭᠲᠦ ᠡᠴᠡ ᠬᠣᠷᠣᠬᠤ ᠦᠭᠡᠢ ᠪᠣᠯᠵᠤ ᠪᠠᠶᠢᠨ᠎ᠠ᠃

ᠹᠣᠲ᠋ᠣ ᠵᠢᠷᠤᠭ᠂ ᠸᠢᠳᠢᠣ᠋᠂ GIF᠂ ᠰᠠᠨᠠᠯ ᠠᠰᠠᠭᠤᠯᠭ᠎ᠠ ᠵᠡᠷᠭᠡ ᠠᠭᠤᠯᠭ᠎ᠠ ᠨᠤᠭᠤᠳ ᠦᠨᠳᠦᠰᠦᠨ 140 ᠲᠡᠮᠳᠡᠭᠲᠦ ᠡᠴᠡ ᠲᠤᠰ ᠲᠤ ᠪᠠᠨ ᠲᠣᠭᠠᠴᠠᠭᠳᠠᠨ᠎ᠠ ᠭᠡᠰᠡᠨ ᠦᠭᠡ.ᠮᠥᠨ ᠪᠤᠰᠤᠳ ᠤᠨ ᠵᠢᠷᠭᠢᠭᠡᠨ ᠳᠦ ᠬᠠᠷᠢᠭᠤᠯᠬᠤ ᠳᠤ ᠡᠬᠢᠨ ᠳᠦ ᠳᠤᠷᠠᠳᠤᠭᠳᠠᠳᠠᠭ ᠬᠡᠷᠡᠭᠯᠡᠭᠴᠢ ᠶᠢᠨ ᠨᠡᠷ᠎ᠡ ᠨᠢ 140 ᠲᠡᠮᠳᠡᠭᠲᠦ ᠡᠴᠡ ᠬᠣᠷᠣᠬᠤ ᠦᠭᠡᠢ ᠪᠣᠯᠵᠤ ᠪᠠᠶᠢᠨ᠎ᠠ᠃ ᠲᠠᠪᠤᠳᠤᠭᠠᠷ ᠰᠠᠷ᠎ᠠ ᠳᠤ ᠲᠸᠢᠲ᠋ᠲ᠋ᠧᠷ ᠦᠨ ᠭᠦᠢᠴᠡᠳᠭᠡᠬᠦ ᠵᠠᠬᠢᠷᠤᠯ ᠵᠧᠺ ᠳᠣᠷᠣᠰᠡᠢ ᠶᠠᠷᠢᠬᠤ ᠳᠤ ᠪᠠᠨ 《ᠬᠦᠮᠦᠰ ᠲᠦ 140 ᠲᠡᠮᠳᠡᠭᠲᠦ ᠶᠢ ᠪᠥᠷᠢᠨ ᠳᠦᠭᠦᠷᠡᠩ ᠠᠰᠢᠭᠯᠠᠬᠤ ᠪᠣᠯᠤᠮᠵᠢ ᠣᠯᠭᠤᠬᠤ ᠨᠢ ᠣᠶᠢᠷ᠎ᠠ ᠶᠢᠨ ᠦᠶ᠎ᠡ ᠳᠦ ᠬᠢᠭᠳᠡᠬᠦ ᠲᠣᠮᠣ ᠥᠭᠡᠷᠡᠴᠢᠯᠡᠯᠲᠡ ᠪᠣᠯᠤᠨ᠎ᠠ》 ᠭᠡᠵᠦ ᠪᠠᠶᠢᠴᠠᠢ᠃ ᠬᠠᠷᠢᠨ 140 ᠲᠡᠮᠳᠡᠭᠲᠦ ᠶᠢᠨ ᠬᠢᠵᠠᠭᠠᠷ ᠢ ᠨᠡᠮᠡᠭᠳᠡᠭᠦᠯᠬᠦ ᠲᠤᠬᠠᠢ ᠶᠠᠷᠢᠭᠳᠠᠭ᠎ᠠ ᠦᠭᠡᠢ ᠶᠤᠮ᠃ ᠲᠸᠢᠲ᠋ᠲ᠋ᠧᠷ ᠺᠣᠮᠫᠠᠨᠢ ᠶᠢᠨ ᠤᠳᠤᠷᠢᠳᠤᠯᠭ᠎ᠠ ᠡᠨᠡᠬᠦ ᠬᠢᠵᠠᠭᠠᠷ ᠢ ᠲᠤᠰ ᠰᠦᠯᠵᠢᠶ᠎ᠡ ᠶᠢ ᠬᠤᠷᠳᠤ ᠲᠠᠢ᠂ ᠪᠦᠲᠦᠭᠡᠯᠴᠢ ᠪᠣᠯᠭᠠᠵᠤ ᠪᠠᠶᠢᠭ᠎ᠠ ᠨᠢᠭᠡ ᠬᠦᠴᠦᠨ ᠵᠦᠢᠯ ᠭᠡᠵᠦ ᠦᠵᠡᠳᠡᠭ ᠠᠵᠢ᠃

ᠡᠬᠡ ᠰᠤᠷᠪᠤᠯᠵᠢ᠄ IKON.mn