ᠵᠢᠯ ᠢᠷᠡᠬᠦ ᠲᠤᠰᠤᠮ ᠢᠨᠲ᠋ᠧᠷᠨᠡᠲ ᠦᠨ ᠬᠡᠷᠡᠭᠯᠡᠭᠡ ᠡᠷᠴᠢᠮᠲᠡᠢ ᠨᠡᠮᠡᠭᠳᠡᠵᠦ᠂ ᠡᠭᠦᠨ ᠢ ᠳᠠᠭᠠᠭᠠᠳ ᠸᠧᠪ ᠲᠤ ᠰᠠᠭᠤᠷᠢᠯᠠᠭᠰᠠᠨ ᠮᠡᠳᠡᠭᠡᠯᠡᠯ ᠦᠨ ᠲᠧᠭᠨᠣᠯᠣᠭᠢ ᠨᠤᠭᠤᠳ ᠬᠤᠷᠳᠤᠴᠠ ᠲᠠᠢ ᠬᠥᠭᠵᠢᠭᠰᠡᠭᠡᠷ ᠪᠠᠶᠢᠨ᠎ᠠ᠃ ᠸᠧᠪ ᠬᠠᠭᠤᠳᠠᠰᠤ᠂ ᠸᠧᠪ ᠲᠧᠭᠨᠣᠯᠣᠭᠢ ᠳᠤ ᠰᠠᠭᠤᠷᠢᠯᠠᠭᠰᠠᠨ ᠫᠷᠣᠭᠷᠠᠮ ᠬᠠᠩᠭᠠᠮᠵᠢ ᠳᠡᠭᠡᠷ᠎ᠡ ᠠᠴᠢᠶᠠᠯᠠᠯᠵᠤ ᠪᠤᠢ ᠺᠣᠨᠲ᠋ᠧᠨᠲ ᠢ ᠲᠦᠷᠭᠡᠨ ᠬᠤᠭᠤᠴᠠᠭᠠᠨ ᠳᠤ ᠳᠠᠮᠵᠢᠭᠤᠯᠵᠤ ᠬᠠᠷᠠᠭᠤᠯᠬᠤ ᠨᠢ ᠠᠵᠢᠯᠯᠠᠭᠠᠨ ᠤ ᠬᠤᠪᠢ ᠳᠤ ᠴᠢᠨᠠᠷ ᠤᠨ ᠭᠣᠣᠯ ᠦᠵᠡᠭᠦᠯᠦᠯᠲᠡ ᠪᠣᠯᠳᠠᠭ᠃ ᠸᠧᠪ ᠬᠠᠭᠤᠳᠠᠰᠤᠨ ᠤ ᠳᠤᠮᠳᠠᠴᠢ ᠬᠡᠮᠵᠢᠶ᠎ᠡ 2 ᠮᠪ ᠣᠷᠴᠢᠮ ᠪᠣᠯ ᠡᠭᠦᠨ ᠡᠴᠡ 65% ᠍ ᠶᠢ ᠵᠢᠷᠤᠭ ᠪᠣᠯᠤᠨ ᠮᠧᠳᠢᠶᠠ ᠺᠣᠨᠲ᠋ᠧᠨᠲ ᠡᠵᠡᠯᠡᠳᠡᠭ᠃
ᠺᠣᠨᠲ᠋ᠧᠨᠲ ᠢ ᠶᠡᠷᠦᠩᠬᠡᠢ ᠰᠢᠨᠵᠢ ᠴᠢᠨᠠᠷ ᠢᠶᠠᠷ ᠨᠢ 3 ᠬᠤᠪᠢᠶᠠᠨ ᠠᠪᠴᠤ ᠦᠵᠡᠳᠡᠭ᠃
ᠡᠭᠦᠨ ᠳᠦ᠄
ᠳ᠋ᠢᠨᠠᠮᠢᠺ ᠺᠶᠠᠮᠠᠷ ᠨᠢᠭᠡ ᠫᠷᠣᠭᠷᠠᠮᠴᠢᠯᠠᠯ ᠤᠨ ᠬᠡᠯᠡᠨ ᠦ ᠲᠤᠰᠠᠯᠠᠮᠵᠢ ᠲᠠᠢ ᠪᠠᠷ ᠠᠵᠢᠯᠯᠠᠭᠠᠨ ᠤ ᠶᠠᠪᠤᠴᠠ ᠳᠤ ᠪᠣᠯᠪᠠᠰᠤᠷᠠᠭᠤᠯᠤᠭᠳᠠᠭᠰᠠᠨ ᠮᠡᠳᠡᠭᠡᠯᠡᠯ᠃
ᠰᠲ᠋ᠠᠲ᠋ᠢᠭ ᠺᠣᠶᠡᠬᠡᠩᠬᠢ ᠳᠦ ᠪᠡᠨ ᠰᠢᠨᠡᠴᠢᠯᠡᠭᠳᠡᠭᠡᠳ ᠪᠠᠶᠢᠳᠠᠭ ᠦᠭᠡᠢ ᠺᠣᠨᠲ᠋ᠧᠨᠲ᠃ ᠵᠢᠱᠢᠶ᠎ᠡ ᠨᠢ᠄ ᠵᠢᠷᠤᠭ᠂ CSS ᠹᠠᠶᠢᠯ᠂ JavaScript ᠹᠠᠶᠢᠯ ᠭᠮ᠃
**ᠲᠠᠰᠤᠷᠠᠯᠲᠠ ᠦᠭᠡᠢ ᠤᠷᠤᠰᠬᠠᠯ ᠲᠠᠢ (streaᠸᠧᠪ ᠬᠥᠲᠥᠴᠢ ᠳᠡᠭᠡᠷ᠎ᠡ ᠲᠣᠭᠯᠠᠭᠤᠯᠤᠭᠳᠠᠬᠤ ᠳᠦᠷᠰᠦ ᠪᠣᠯᠤᠨ ᠳᠠᠭᠤᠤ ᠠᠪᠢᠶ᠎ᠠ ᠠᠭᠤᠯᠠᠭᠰᠠᠨ ᠹᠠᠶᠢᠯ ᠤᠳ᠃
ᠳᠡᠭᠡᠷᠡᠬᠢ ᠺᠣᠨᠲ᠋ᠧᠨᠲ ᠤᠨ ᠲᠥᠷᠥᠯ ᠦᠳ ᠨᠢ ᠬᠡᠮᠵᠢᠶᠡᠨ ᠦ ᠬᠤᠪᠢ ᠳᠤ ᠬᠣᠭᠣᠷᠣᠨᠳᠣ ᠪᠠᠨ ᠢᠯᠭᠠᠭ᠎ᠠ ᠲᠠᠢ ᠪᠠ ᠮᠡᠳᠡᠭᠡᠯᠡᠯ ᠦᠨ ᠨᠢᠭᠡ ᠫᠠᠺᠸᠲ ᠺᠣᠨᠲ᠋ᠧᠨᠲ ᠪᠠᠶᠢᠷᠢᠰᠢᠬᠤ ᠴᠡᠭ ᠡᠴᠡ ᠬᠡᠷᠡᠭᠯᠡᠭᠴᠢ ᠪᠠᠶᠢᠭ᠎ᠠ ᠴᠡᠭ ᠲᠦ ᠬᠦᠷᠬᠦ ᠬᠤᠭᠤᠴᠠᠭ᠎ᠠ ᠶᠢ 《Latency》 ᠪᠤᠶᠤ ᠬᠦᠯᠢᠶᠡᠬᠦ ᠬᠤᠭᠤᠴᠠᠭ᠎ᠠ ᠭᠡᠬᠦ ᠪᠠ ᠡᠨᠡ ᠨᠢ ᠮᠢᠯᠰᠧᠺᠦᠶᠢᠨᠳ᠋ ᠍ ᠢᠶᠡᠷ ᠢᠯᠡᠷᠬᠡᠶᠢᠯᠡᠭᠳᠡᠳᠡᠭ᠃ ᠡᠶᠢᠮᠦ ᠳᠦ ᠬᠦᠯᠢᠶᠡᠬᠦ ᠬᠤᠭᠤᠴᠠᠭ᠎ᠠ ᠪᠠᠭ᠎ᠠ ᠪᠠᠶᠢᠬᠤ ᠲᠤᠰᠤᠮ ᠸᠧᠪ ᠠᠴᠢᠶᠠᠯᠠᠯᠬᠤ ᠳᠤ ᠪᠠᠨ ᠬᠤᠷᠳᠤᠨ ᠪᠠᠶᠢᠨ᠎ᠠ ᠭᠡᠰᠡᠨ ᠦᠭᠡ᠃ ᠡᠨᠳᠡ ᠮᠡᠳᠡᠭᠡᠵᠢ ᠳᠠᠮᠵᠢᠭᠤᠯᠬᠤ ᠬᠤᠷᠳᠤ ᠨᠢ ᠢᠨᠲ᠋ᠧᠷᠨᠡᠲ ᠦᠨ ᠬᠤᠷᠳᠤ ᠪᠣᠯᠤᠨ ᠪᠤᠰᠤᠳ ᠣᠯᠠᠨ ᠬᠦᠴᠦᠨ ᠵᠦᠢᠯ ᠡᠴᠡ ᠰᠢᠯᠲᠠᠭᠠᠯᠠᠬᠤ ᠬᠡᠳᠦᠢ ᠴᠤ ᠭᠠᠵᠠᠷᠵᠦᠢ ᠶᠢᠨ ᠬᠤᠪᠢ ᠳᠤ ᠬᠡᠷᠡᠭᠯᠡᠭᠴᠢᠳ ᠲᠦ ᠣᠶᠢᠷ᠎ᠠ᠂ ᠬᠦᠯᠢᠶᠡᠬᠦ ᠬᠤᠭᠤᠴᠠᠭ᠎ᠠ (Latency) ᠪᠠᠭ᠎ᠠ ᠪᠠᠶᠢᠬᠤ ᠴᠡᠭ ᠡᠴᠡ ᠮᠡᠳᠡᠭᠡᠯᠡᠯ ᠢ ᠳᠠᠮᠵᠢᠭᠤᠯᠵᠤ ᠠᠵᠢᠯᠯᠠᠭ᠎ᠠ ᠶᠢ ᠬᠤᠷᠳᠤᠰᠬᠠᠬᠤ ᠵᠣᠷᠢᠯᠭ᠎ᠠ ᠪᠠᠷ ᠺᠣᠨᠲ᠋ᠧᠨᠲ ᠲᠦᠭᠡᠭᠡᠭᠴᠢ ᠰᠦᠯᠵᠢᠶ᠎ᠡ ᠪᠤᠶᠤ 《CDN》 ᠲᠧᠭᠨᠣᠯᠣᠭᠢ ᠡᠭᠦᠰᠴᠢ ᠪᠤᠢ ᠪᠣᠯᠤᠭᠰᠠᠨ ᠪᠠ 1990 ᠣᠨ ᠤ ᠰᠡᠭᠦᠯ ᠦᠶᠡᠰ ᠥᠨᠥ ᠶᠢ ᠬᠦᠷᠲᠡᠯ᠎ᠡ ᠪᠤᠰᠤᠳ ᠲᠧᠭᠨᠣᠯᠣᠭᠢ ᠶᠢᠨ ᠥᠭᠡᠷᠡᠴᠢᠯᠡᠯᠲᠡ ᠶᠢ ᠥᠪᠡᠷᠲᠡᠭᠡᠨ ᠰᠢᠩᠭᠡᠭᠡᠨ ᠬᠥᠭᠵᠢᠵᠦ ᠢᠷᠡᠭᠰᠡᠨ ᠲᠡᠦᠬᠡ ᠲᠡᠢ᠃ ᠡᠩ ᠦᠨ ᠣᠶᠢᠯᠠᠭᠠᠯᠲᠠ ᠪᠠᠷ ᠺᠣᠨᠲ᠋ᠧᠨᠲ ᠲᠦᠭᠡᠭᠡᠭᠴᠢ ᠰᠦᠯᠵᠢᠶ᠎ᠡ (CDN) ᠨᠢ ᠭᠠᠵᠠᠷᠵᠦᠢ ᠶᠢᠨ ᠬᠤᠪᠢ ᠳᠤ ᠲᠠᠷᠬᠠᠵᠤ ᠪᠠᠶᠢᠷᠢᠰᠢᠭᠰᠠᠨ ᠣᠯᠠᠨ ᠲᠣᠭᠠᠨ ᠤ ᠳᠠᠲ᠋ᠠ ᠲᠥᠪ ᠦᠳ ᠳᠡᠭᠡᠷ᠎ᠡ ᠠᠵᠢᠯᠯᠠᠬᠤ ᠢᠨᠲ᠋ᠧᠷᠨᠡᠲ ᠤᠷᠤᠰᠬᠠᠯ ᠳᠠᠮᠵᠢᠭᠤᠯᠤᠨ ᠥᠩᠭᠡᠷᠡᠭᠦᠯᠬᠦ ᠰᠧᠷᠸᠧᠷ (Proxy Server) ᠬᠣᠭᠣᠷᠣᠨᠳᠣ ᠶᠢᠨ ᠰᠦᠯᠵᠢᠶ᠎ᠡ ᠶᠤᠮ᠃ ᠺᠣᠨᠲ᠋ᠧᠨᠲ ᠨᠢ ᠤᠭ ᠰᠦᠯᠵᠢᠶᠡᠨ ᠳᠦ ᠬᠣᠯᠪᠣᠭᠳᠠᠭᠰᠠᠨ ᠰᠧᠷᠸᠧᠷ ᠦᠳ ᠳᠡᠭᠡᠷ᠎ᠡ ᠬᠠᠭᠤᠯᠪᠤᠷᠢᠯᠠᠭᠳᠠᠨ ᠪᠠᠶᠢᠷᠢᠰᠢᠭᠰᠠᠨ ᠢᠶᠠᠷ ᠠᠯᠢ ᠣᠶᠢᠷ᠎ᠠ ᠴᠡᠭ ᠡᠴᠡ ᠬᠡᠷᠡᠭᠯᠡᠭᠴᠢᠳ ᠲᠦ ᠬᠦᠷᠬᠦ ᠪᠣᠯᠤᠮᠵᠢ ᠲᠠᠢ ᠪᠣᠯᠤᠨ᠎ᠠ᠃ ᠢᠩᠭᠢᠭᠰᠡᠨ ᠢᠶᠡᠷ ᠬᠠᠨᠳᠤᠯᠲᠠ ᠶᠢᠨ ᠦᠨᠳᠦᠰᠦᠨ ᠸᠧᠪ ᠰᠧᠷᠸᠧᠷ ᠲᠦ ᠢᠷᠡᠬᠦ ᠠᠴᠢᠶᠠᠯᠠᠯ ᠪᠠᠭᠤᠷᠴᠢ᠂ ᠺᠣᠨᠲ᠋ᠧᠨᠲ ᠤᠨ ᠬᠦᠷᠲᠡᠭᠡᠮᠵᠢᠲᠡᠢ ᠪᠠᠶᠢᠳᠠᠯ ᠨᠡᠮᠡᠭᠳᠡᠵᠦ᠂ ᠮᠥᠨ ᠭᠠᠵᠠᠷᠵᠦᠢ ᠶᠢᠨ ᠬᠤᠪᠢ ᠳᠤ ᠣᠯᠠᠨ ᠴᠡᠭ ᠡᠴᠡ ᠬᠠᠨᠳᠤᠬᠤ ᠬᠡᠷᠡᠭᠯᠡᠭᠴᠢᠳ ᠲᠦ ᠸᠧᠪ ᠬᠠᠭᠤᠳᠠᠰᠤᠨ ᠤ ᠪᠦᠲᠦᠨ ᠤᠩᠰᠢᠬᠤ ᠬᠤᠷᠳᠤ ᠮᠡᠳᠡᠭᠳᠡᠬᠦᠶᠢᠴᠡ ᠬᠡᠮᠵᠢᠶᠡᠨ ᠳᠦ ᠥᠰᠥᠨ᠎ᠡ᠃
ᠵᠢᠷᠤᠭ 1᠃ ᠺᠣᠨᠲ᠋ᠧᠨᠲ ᠲᠦᠭᠡᠭᠡᠭᠴᠢ ᠰᠦᠯᠵᠢᠶ᠎ᠡ ᠶᠢ ᠠᠰᠢᠭᠯᠠᠬᠤ ᠪᠣᠯᠤᠨ ᠠᠰᠢᠭᠯᠠᠬᠤ ᠦᠭᠡᠢ ᠪᠠᠶᠢᠬᠤ ᠶᠢᠨ ᠢᠯᠭᠠᠭ᠎ᠠ᠃
ᠺᠣᠨᠲ᠋ᠧᠨᠲ ᠲᠦᠭᠡᠭᠡᠬᠦ ᠰᠦᠯᠵᠢᠶ᠎ᠡ ᠨᠢ ᠳᠠᠷᠠᠭᠠᠬᠢ ᠬᠡᠰᠡᠭ ᠦᠳ ᠡᠴᠡ ᠪᠥᠷᠢᠳᠦᠨ᠎ᠡ᠃
-ᠬᠦᠷᠭᠡᠯᠲᠡ ᠶᠢᠨ ᠬᠡᠰᠡᠭ ᠦᠳ /Delivery Nodes/ - ᠮᠡᠳᠡᠭᠡᠯᠡᠯ ᠢ ᠬᠡᠷᠡᠭᠯᠡᠭᠴᠢᠳ ᠲᠦ ᠬᠦᠷᠭᠡᠬᠦ ᠡᠨᠡ ᠬᠡᠰᠡᠭ ᠲᠦ ᠮᠡᠳᠡᠭᠡᠯᠡᠯ ᠢ ᠥᠪᠡᠷ ᠳᠡᠭᠡᠷ᠎ᠡ ᠪᠡᠨ ᠨᠥᠭᠡᠴᠡᠯᠡᠬᠦ ᠫᠷᠣᠭᠷᠠᠮ ᠬᠠᠩᠭᠠᠮᠵᠢ ᠠᠵᠢᠯᠯᠠᠬᠤ ᠪᠠ ᠶᠡᠬᠡᠪᠴᠢᠯᠡᠨ ᠬᠡᠷᠡᠭᠯᠡᠭᠴᠢᠳ ᠲᠦ ᠣᠶᠢᠷ᠎ᠠ ᠪᠠᠶᠢᠬᠤ ᠳᠡᠳ᠋ ᠪᠦᠲᠦᠴᠡ ᠳᠡᠭᠡᠷ᠎ᠡ ᠪᠠᠶᠢᠷᠢᠰᠢᠨ᠎ᠠ᠃
-ᠬᠠᠳᠠᠭᠠᠯᠠᠬᠤ ᠬᠡᠰᠡᠭ /Storage Nodes/ - ᠬᠦᠷᠭᠡᠯᠲᠡ ᠶᠢᠨ ᠬᠡᠰᠡᠭ ᠲᠦ ᠠᠵᠢᠯᠯᠠᠬᠤ ᠫᠷᠣᠭᠷᠠᠮ ᠬᠠᠩᠭᠠᠮᠵᠢ ᠶᠢᠨ ᠨᠥᠭᠡᠴᠡᠯᠡᠬᠦ ᠮᠡᠳᠡᠭᠡᠯᠡᠯ ᠢ ᠬᠠᠳᠠᠭᠠᠯᠠᠬᠤ ᠵᠣᠷᠢᠭᠤᠯᠤᠯᠲᠠ ᠲᠠᠢ᠃
-ᠡᠬᠢ ᠡᠭᠦᠰᠪᠦᠷᠢ ᠶᠢᠨ ᠬᠡᠰᠡᠭ /Origin Nodes/ - ᠺᠣᠨᠲ᠋ᠧᠨᠲ ᠪᠦᠬᠦᠢ ᠮᠡᠳᠡᠭᠡᠯᠡᠯ ᠦᠳ ᠢ ᠪᠠᠶᠢᠷᠢᠰᠢᠭᠤᠯᠵᠤ ᠪᠤᠰᠤᠳ ᠬᠦᠷᠭᠡᠯᠲᠡ ᠶᠢᠨ ᠬᠡᠰᠡᠭ ᠲᠦ ᠲᠠᠷᠠᠭᠠᠬᠤ ᠡᠬᠢ ᠡᠭᠦᠰᠪᠦᠷᠢ ᠪᠣᠯᠤᠨ ᠠᠵᠢᠯᠯᠠᠬᠤ ᠵᠣᠷᠢᠭᠤᠯᠤᠯᠲᠠ ᠲᠠᠢ᠃
-ᠤᠳᠤᠷᠢᠳᠤᠯᠭ᠎ᠠ ᠶᠢᠨ ᠬᠡᠰᠡᠭ /Control Node/ - ᠺᠣᠨᠲ᠋ᠧᠨᠲ ᠬᠦᠷᠭᠡᠯᠲᠡ ᠶᠢᠨ ᠰᠦᠯᠵᠢᠶᠡᠨ ᠦ ᠪᠦᠬᠦᠢ ᠯᠠ ᠬᠡᠰᠡᠭ ᠲᠦ ᠮᠣᠨᠢᠲ᠋ᠣᠷᠢᠨ ᠢ ᠬᠢᠬᠦ᠂ ᠵᠠᠮᠴᠢᠯᠠᠬᠤ᠂ ᠤᠳᠤᠷᠢᠳᠬᠤ ᠵᠣᠷᠢᠭᠤᠯᠤᠯᠲᠠ ᠲᠠᠢ ᠬᠡᠰᠡᠭ ᠪᠣᠯᠤᠨ᠎ᠠ᠃
ᠺᠣᠨᠲ᠋ᠧᠨᠲ ᠢ ᠬᠠᠮᠤᠭ ᠤᠨ ᠣᠶᠢᠷ᠎ᠠ ᠴᠡᠭ ᠡᠴᠡ ᠬᠦᠷᠭᠡᠬᠦ 2 ᠲᠥᠷᠥᠯ ᠦᠨ ᠠᠷᠭᠠᠴᠢᠯᠠᠯ ᠪᠤᠢ᠃ ᠡᠭᠦᠨ ᠳᠦ᠄
ᠳᠣᠮᠡᠢ ᠶᠢᠨ ᠨᠡᠷ᠎ᠡ ᠶᠢᠨ ᠰᠧᠷᠸᠧᠷ ᠪᠤᠶᠤ DNS ᠠᠰᠢᠭᠯᠠᠬᠤ᠃ ᠡᠨᠡ ᠨᠢ ᠬᠡᠷᠡᠭᠯᠡᠭᠴᠢ cdn.website.com ᠳᠣᠮᠡᠢ ᠶᠢᠨ ᠨᠡᠷ᠎ᠡ ᠲᠡᠢ ᠬᠦᠰᠡᠯᠲᠡ ᠭᠠᠷᠭᠠᠬᠤ ᠳᠤ ᠠᠯᠢ ᠣᠶᠢᠷ᠎ᠠ 《Delivery Nodes》 ᠍ ᠦᠨ ᠬᠠᠶᠠᠭ᠎ᠠ ᠶᠢ ᠪᠤᠴᠠᠭᠠᠨ᠎ᠠ. 《Anycast Routing》 ᠲᠧᠭᠨᠢᠭ ᠠᠰᠢᠭᠯᠠᠬᠤ᠃ ᠡᠨᠡ ᠨᠢ 《Delivery Nodes》 ᠍ ᠨᠦᠭᠦᠳ ᠪᠦᠭᠦᠳᠡ ᠢᠵᠢᠯ ᠬᠠᠶ᠋ᠢᠭ ᠲᠠᠢ ᠪᠠᠶᠢᠬᠤ ᠪᠠ ᠢᠨᠲ᠋ᠧᠷᠨᠡᠲ ᠦᠢᠯᠡᠴᠢᠯᠡᠭᠡ ᠦᠵᠡᠭᠦᠯᠦᠭᠴᠢ ᠪᠠᠶᠢᠭᠤᠯᠤᠯᠭ᠎ᠠ ᠶᠢᠨ ᠵᠠᠮᠴᠢᠯᠠᠬᠤ ᠲᠥᠬᠥᠭᠡᠷᠦᠮᠵᠢ ᠳᠡᠭᠡᠷ᠎ᠡ ᠠᠯᠢ ᠣᠶᠢᠷ᠎ᠠ ᠬᠡᠰᠡᠭ ᠡᠴᠡ ᠺᠣᠨᠲ᠋ᠧᠨᠲ ᠢ ᠬᠦᠷᠭᠡᠬᠦ ᠡᠰᠡᠬᠦ ᠶᠢ ᠰᠢᠢᠳᠳᠡᠭ᠃
ᠺᠣᠨᠲ᠋ᠧᠨᠲ ᠲᠦᠭᠡᠭᠡᠬᠦ ᠰᠦᠯᠵᠢᠶ᠎ᠡ ᠶᠢ ᠦᠢᠯᠡᠴᠢᠯᠡᠭᠡ ᠬᠡᠯᠪᠡᠷᠢ ᠪᠡᠷ ᠦᠵᠡᠭᠦᠯᠳᠡᠭ ᠺᠣᠮᠫᠠᠨᠢ ᠨᠤᠭᠤᠳ ᠤᠨ ᠶᠡᠬᠡᠩᠬᠢ ᠨᠢ 《DNS》 ᠠᠰᠢᠭᠯᠠᠨ ᠬᠢᠳᠡᠭ ᠪᠠᠶᠢᠨ᠎ᠠ᠃
ᠵᠢᠱᠢᠶ᠎ᠡ᠄ Google Global Cache
《Google Inc》 ᠺᠣᠮᠫᠠᠨᠢ ᠶᠢᠨ ᠺᠣᠨᠲ᠋ᠧᠨᠲ ᠲᠦᠭᠡᠭᠡᠬᠦ ᠰᠦᠯᠵᠢᠶ᠎ᠡ ᠪᠣᠯᠬᠤ 《Google Global Cache node》 –ᠡᠭᠦᠳᠡ ᠨᠢ ᠮᠣᠩᠭᠣᠯ ᠤᠯᠤᠰ ᠤᠨ ᠢᠨᠲ᠋ᠧᠷᠨᠡᠲ ᠦᠢᠯᠡᠴᠢᠯᠡᠭᠡ ᠦᠵᠡᠭᠦᠯᠦᠭᠴᠢ ᠪᠠᠶᠢᠭᠤᠯᠤᠯᠭ᠎ᠠ ᠨᠤᠭᠤᠳ ᠳᠡᠭᠡᠷ᠎ᠡ ᠪᠠᠶᠢᠷᠢᠰᠢᠳᠠᠭ᠃ ᠢᠩᠭᠢᠭᠰᠡᠨ ᠢᠶᠡᠷ ᠲᠤᠬᠠᠢ ᠶᠢᠨ ᠪᠠᠶᠢᠭᠤᠯᠤᠯᠭ᠎ᠠ ᠠᠴᠠ ᠢᠨᠲ᠋ᠧᠷᠨᠡᠲ ᠦᠨ ᠦᠢᠯᠡᠴᠢᠯᠡᠭᠡ ᠠᠪᠳᠠᠭ ᠬᠡᠷᠡᠭᠯᠡᠭᠴᠢ youtube.com ᠸᠧᠪ ᠰᠠᠶᠢᠲᠤ ᠳᠡᠭᠡᠷ᠎ᠡ ᠡᠴᠡ ᠪᠢᠴᠢᠯᠭᠡ ᠦᠵᠡᠬᠦ ᠳᠦ ᠮᠣᠩᠭᠣᠯ ᠳᠣᠲᠣᠷᠠᠬᠢ ᠢᠨᠲ᠋ᠧᠷᠨᠡᠲ ᠦᠨ ᠥᠨᠳᠥᠷ ᠤᠷᠤᠰᠬᠠᠯ ᠢᠶᠠᠷ ᠳᠠᠮᠵᠢᠭᠤᠯᠤᠨ ᠬᠤᠷᠳᠤ ᠲᠠᠢ ᠦᠵᠡᠬᠦ ᠪᠣᠯᠤᠮᠵᠢ ᠲᠠᠢ ᠪᠣᠯᠤᠭᠰᠠᠨ.
ᠵᠢᠱᠢᠶ᠎ᠡ᠄ http᠄//netflix.com/mn
ᠪᠢᠳᠡᠨ ᠦ ᠮᠡᠳᠡᠬᠦ ᠺᠢᠨᠣ᠋ ᠪᠣᠯᠤᠨ ᠳᠦᠷᠰᠦᠲᠦ ᠪᠢᠴᠢᠯᠭᠡ ᠲᠥᠯᠦᠪᠦᠷᠢᠲᠡᠢ ᠪᠡᠷ ᠳᠠᠮᠵᠢᠭᠤᠯᠬᠤ ᠦᠢᠯᠡᠴᠢᠯᠡᠭᠡ ᠦᠵᠡᠭᠦᠯᠳᠡᠭ 《Netflix》 ᠺᠣᠮᠫᠠᠨᠢ ᠶᠡᠬᠡᠪᠴᠢᠯᠡᠨ ᠡᠮᠦᠨᠡᠲᠦ ᠠᠮᠧᠷᠢᠺᠠ ᠲᠢᠪ ᠲᠦ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ ᠪᠠᠶᠢᠭᠰᠠᠨ ᠪᠣᠯ ᠦᠢᠯᠡᠴᠢᠯᠡᠭᠡ ᠪᠡᠨ ᠲᠡᠯᠡᠵᠦ ᠡᠨᠡ ᠣᠨ ᠤ ᠡᠬᠢᠨ ᠰᠠᠷ᠎ᠠ ᠳᠤ ᠰᠢᠨ᠎ᠡ ᠪᠡᠷ ᠮᠠᠨ ᠤ ᠤᠯᠤᠰ ᠢ ᠣᠷᠤᠯᠴᠠᠭᠤᠯᠤᠨ ᠨᠡᠶᠢᠲᠡ 130 ᠭᠠᠷᠤᠢ ᠣᠷᠣᠨ ᠳᠤ ᠦᠢᠯᠡᠴᠢᠯᠡᠭᠡ ᠦᠵᠡᠭᠦᠯᠬᠦ ᠪᠣᠯᠤᠭᠰᠠᠨ᠃ ᠦᠢᠯᠡᠴᠢᠯᠡᠭᠡᠨ ᠦ ᠴᠢᠨᠠᠷ ᠢ ᠰᠠᠶᠢᠵᠢᠷᠠᠭᠤᠯᠬᠤ ᠵᠣᠷᠢᠯᠭ᠎ᠠ ᠪᠠᠷ ᠨᠡᠶᠢᠲᠡ 6 ᠲᠢᠪ ᠦᠨ 233 ᠪᠠᠶᠢᠷᠢᠰᠢᠯ ᠳᠤ 《Open Connect》 ᠬᠡᠮᠡᠬᠦ ᠥᠪᠡᠷᠰᠡᠳ ᠦᠨ ᠺᠣᠨᠲ᠋ᠧᠨᠲ ᠲᠦᠭᠡᠭᠡᠬᠦ ᠰᠦᠯᠵᠢᠶ᠎ᠡ ᠶᠢ ᠡᠭᠦᠰᠬᠡᠭᠰᠡᠨ ᠪᠠ ᠮᠣᠩᠭᠣᠯ ᠤᠯᠤᠰ ᠠᠴᠠ ᠺᠢᠨᠣ᠋ ᠦᠵᠡᠬᠦ ᠳᠦ ᠺᠣᠨᠲ᠋ᠧᠨᠲ ᠤᠨ ᠤᠷᠤᠰᠬᠠᠯ ᠢ ᠬᠠᠮᠤᠭ ᠤᠨ ᠣᠶᠢᠷ᠎ᠠ ᠪᠥᠭᠡᠳ 《latency》 ᠪᠠᠭ᠎ᠠ ᠴᠡᠭ ᠡᠴᠡ ᠳᠠᠮᠵᠢᠭᠤᠯᠵᠤ ᠪᠠᠶᠢᠳᠠᠭ ᠪᠠᠶᠢᠨ᠎ᠠ᠃
ᠡᠬᠡ ᠰᠤᠷᠪᠤᠯᠵᠢ᠄
-https://blogs.akamai.com/2015/06/performance-matters-more-than-ever.html
-https://anuragbhatia.com/2014/03/networking/different-cdn-technologies-dns-vs-anycast-routing/