ᠦᠨᠳᠦᠰᠦᠨ ᠦ ᠳ᠋ᠠᠲ᠋ᠠ ᠲᠥᠪ

ᠮᠡᠳᠡᠭᠡᠯᠡᠯ ᠦᠨ ᠠᠶᠤᠯ ᠦᠭᠡᠢ ᠪᠠᠶᠢᠳᠠᠯ ᠤᠨ 《MNSEC 2017》 ᠠᠭᠤᠯᠵᠠᠯᠲᠠ᠂ ᠡᠳᠦᠷᠯᠢᠭ ᠠᠮᠵᠢᠯᠲᠠᠲᠠᠢ ᠵᠣᠬᠢᠶᠠᠨ ᠪᠠᠶᠢᠭᠤᠯᠤᠭᠳᠠᠵᠤ ᠥᠨᠳᠦᠷᠯᠡᠯ᠎ᠡ᠃

ᠴᠠᠬᠢᠮ ᠠᠶᠤᠯ ᠦᠭᠡᠢ ᠪᠠᠶᠢᠳᠠᠯ ᠤᠨ ᠴᠢᠭᠯᠡᠯ ᠢᠶᠡᠷ ᠣᠯᠠᠨ ᠤᠯᠤᠰ ᠤᠨ ᠪᠣᠯᠤᠨ ᠳᠣᠲᠣᠭᠠᠳᠤ ᠶᠢᠨ ᠮᠡᠷᠭᠡᠵᠢᠯᠲᠡᠨ ᠨᠦᠭᠦᠳ ᠲᠡᠢ ᠮᠡᠳᠡᠭᠡᠯᠡᠯ᠂ ᠮᠡᠳᠡᠯᠭᠡ ᠴᠢᠳᠠᠪᠤᠷᠢ ᠪᠠᠨ ᠰᠤᠯᠢᠯᠴᠠᠬᠤ᠂ ᠠᠷᠭ᠎ᠠ ᠲᠤᠷᠰᠢᠯᠭ᠎ᠠ ᠪᠠᠨ ᠬᠤᠪᠢᠶᠠᠯᠴᠠᠬᠤ᠂ ᠰᠢᠨ᠎ᠡ ᠰᠢᠢᠳᠦᠯ᠂ ᠲᠧᠭᠨᠣᠯᠣᠭᠢ ᠲᠠᠢ ᠲᠠᠨᠢᠯᠴᠠᠬᠤ ᠪᠣᠯᠤᠮᠵᠢ ᠨᠤᠭᠤᠳ ᠢ ᠪᠢᠳᠡᠨ ᠳᠦ ᠣᠯᠭᠤᠳᠠᠭ ᠮᠣᠩᠭᠣᠯ ᠤᠯᠤᠰ ᠤᠨ ᠮᠡᠳᠡᠭᠡᠯᠡᠯ ᠦᠨ ᠠᠶᠤᠯ ᠦᠭᠡᠢ ᠪᠠᠶᠢᠳᠠᠯ ᠤᠨ ᠬᠠᠮᠤᠭ ᠤᠨ ᠲᠣᠮᠣ ᠠᠷᠭ᠎ᠠ ᠬᠡᠮᠵᠢᠶ᠎ᠡ 《MNSEC 2017》 ᠠᠭᠤᠯᠵᠠᠯᠲᠠ᠂ ᠡᠳᠦᠷᠯᠢᠭ 9 ᠳᠦᠭᠡᠷ ᠰᠠᠷ᠎ᠠ ᠶᠢᠨ 28᠂ 29 –ᠨ ᠡᠳᠦᠷ ᠦᠳ ᠲᠦ 《Corporate Hotel ᠊ Convention Center》 –ᠲ ᠠᠮᠵᠢᠯᠲᠠᠲᠠᠢ ᠵᠣᠬᠢᠶᠠᠨ ᠪᠠᠶᠢᠭᠤᠯᠤᠭᠳᠠᠵᠤ ᠥᠨᠳᠥᠷᠯᠡᠯ᠎ᠡ᠃

kh32.jpg

ᠲᠤᠰ ᠠᠷᠭ᠎ᠠ ᠬᠡᠮᠵᠢᠶᠡᠨ ᠳᠦ《SWITCH-CERT》᠂ 《CERT-PI》᠂ 《Arbor Network》᠂ 《Fortinet》᠂ 《Palo Alto》᠂ 《Trend Micro》᠂ 《Micro Focus》᠂ 《Sophos》᠂ 《Forescout》᠂ 《Team Cymru》 ᠵᠡᠷᠭᠡ 5 ᠣᠷᠣᠨ ᠤ 16 ᠠᠶᠤᠯ ᠦᠭᠡᠢ ᠪᠠᠶᠢᠳᠠᠯ ᠤᠨ ᠮᠡᠷᠭᠡᠵᠢᠯᠲᠡᠨ᠂ ᠰᠤᠳᠤᠯᠤᠭᠠᠴᠢᠳ ᠣᠷᠣᠯᠴᠠᠵᠤ᠂ ᠣᠯᠠᠨ ᠤᠯᠤᠰ ᠲᠤ ᠪᠣᠯᠤᠨ ᠮᠣᠩᠭᠣᠯ ᠤᠯᠤᠰ ᠲᠤ ᠪᠣᠯᠤᠭᠰᠠᠨ ᠰᠡᠭᠦᠯ ᠦᠨ ᠦᠶ᠎ᠡ ᠶᠢᠨ ᠬᠠᠯᠳᠠᠯᠭ᠎ᠠ ᠶᠢᠨ ᠰᠢᠨᠵᠢᠯᠡᠭᠡ᠂ ᠰᠤᠳᠤᠯᠭᠠᠨ ᠤ ᠦᠷ᠎ᠡ ᠳᠦᠩ ᠢ ᠲᠠᠨᠢᠯᠴᠠᠭᠤᠯᠵᠤ᠂ ᠲᠡᠳᠡᠭᠡᠷ ᠡᠴᠡ ᠬᠡᠷᠬᠢᠨ ᠰᠡᠷᠭᠡᠶᠢᠯᠡᠬᠦ ᠠᠷᠭ᠎ᠠ᠂ ᠲᠧᠭᠨᠢᠭ ᠦᠨ ᠲᠠᠯ᠎ᠠ ᠪᠠᠷ ᠵᠥᠪᠯᠡᠭᠡ ᠥᠭᠴᠦ ᠮᠡᠳᠡᠯᠭᠡ ᠪᠡᠨ ᠬᠤᠪᠢᠶᠠᠯᠴᠠᠭᠰᠠᠨ ᠶᠤᠮ᠃

pl2.jpg

pl1.jpg

ᠠᠷᠭ᠎ᠠ ᠬᠡᠮᠵᠢᠶ᠎ᠡ ᠶᠢ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠦᠨ ᠲᠧᠭᠨᠣᠯᠣᠭᠢ ᠶᠢᠨ ᠭᠠᠵᠠᠷ ᠤᠨ ᠳᠠᠷᠤᠭ᠎ᠠ ᠪ ∙ ᠴᠢᠨᠪᠠᠲ ᠦᠭᠡ ᠬᠡᠯᠡᠵᠦ ᠨᠡᠭᠡᠭᠡᠭᠰᠡᠨ ᠪᠠ ᠡᠬᠢᠨ ᠦ ᠡᠳᠦᠷ ᠮᠣᠩᠭᠣᠯ ᠤᠨ ᠠᠩᠬᠠᠨ ᠤ ᠸᠪ ᠰᠠᠶᠢᠲᠤ ᠪᠦᠲᠦᠭᠡᠭᠴᠢ ᠰ ∙ ᠪᠠᠳᠠᠷᠠᠯ᠂ (ᠳ᠋ᠣᠺᠲ᠋ᠣᠷ᠂ ᠳᠡᠳ᠋ ᠫᠷᠣᠹᠧᠰᠰᠣᠷ) ᠥ᠊ ∙ ᠡᠰᠪᠣᠯ ᠳᠤ᠂ Arbor Network – Tony Teo᠂ MNCERT/CC – ᠵ ∙ ᠨᠠᠷᠠᠨᠪᠠᠲ᠂ Switch-Cert - Michael Hausding᠂ Cert-Pl – Pawel Pawlinski᠂ MNCERT/CC ᠯ ∙ ᠭᠠᠯᠪᠠᠭᠠᠲᠤᠷ ᠨᠠᠷ ᠥᠪᠡᠷᠰᠡᠳ ᠦᠨ ᠢᠯᠡᠳᠬᠡᠯ ᠢ ᠲᠠᠯᠪᠢᠭᠰᠠᠨ ᠶᠤᠮ᠃

ᠠᠷᠭ᠎ᠠ ᠬᠡᠮᠵᠢᠶᠡᠨ ᠦ ᠬᠣᠶᠠᠷ ᠳ᠋ᠠᠬᠢ ᠡᠳᠦᠷ ᠢ MNCERT/CC ᠳ ∙ ᠴᠡᠩᠭᠡᠭᠦᠨᠵᠠᠪ 《Using Honeypots for Learning ᠊ Detection ᠰᠡᠳᠦᠪ ᠢᠶᠡᠷ ᠡᠬᠢᠯᠡᠭᠦᠯᠦᠭᠰᠡᠨ ᠪᠠ MNCERT/CC ᠵᠦᠪᠳᠡᠬᠦ ᠼ ∙ ᠭᠠᠩᠪᠣᠯᠣᠳ᠂ TeamCymru - Irek Parafjanczuk᠂ ᠠᠶᠤᠯ ᠦᠭᠡᠢ ᠪᠠᠶᠢᠳᠠᠯ ᠤᠨ ᠮᠡᠷᠭᠡᠵᠢᠯᠲᠡᠨ - ᠳ ∙ ᠳᠠᠸᠠᠲᠤᠯᠭ᠎ᠠ᠂ Korea University - ᠪ ∙ ᠮᠥᠩᠬᠡᠪᠠᠶᠠᠷ᠂ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ – МХТС - ᠭ ∙ ᠳᠠᠰᠢᠵᠡᠪᠡᠭ ᠨᠠᠷ ᠤᠨ ᠢᠯᠡᠳᠬᠡᠯ ᠢᠶᠡᠷ ᠦᠷᠭᠦᠯᠵᠢᠯᠡᠭᠰᠡᠨ ᠪᠠ 《ᠬᠠᠷᠠᠭᠤᠯ ᠵᠠᠩᠭᠢ 2017》‍‍ ᠲᠡᠮᠡᠴᠡᠭᠡᠨ ᠦ ᠹᠢᠨᠠᠯ ᠪᠤᠶᠤ 3 ᠍ ᠳᠤᠭᠠᠷ ᠱᠠᠲᠤ ᠲᠤᠰ ᠡᠳᠦᠷ ᠠᠮᠵᠢᠯᠲᠠ ᠲᠠᠢ ᠶᠠᠪᠤᠭᠳᠠᠵᠤ ᠥᠨᠳᠦᠷᠯᠡᠭᠰᠡᠨ ᠶᠤᠮ᠃

ᠠᠷᠭ᠎ᠠ ᠬᠡᠮᠵᠢᠶᠡᠨ ᠦ ᠬᠣᠶᠠᠷ ᠳᠠᠬᠢ ᠡᠳᠦᠷ 《Practical Malware analysis》 ᠰᠡᠳᠦᠪ ᠢᠶᠡᠷ ᠭ ∙ ᠠᠯᠲᠠᠨᠭᠡᠷᠡᠯ᠂《Essential security utilities》 ᠰᠡᠳᠦᠪ ᠢᠶᠡᠷ ᠳ᠋ᠣᠺᠲ᠋ᠣᠷ ᠳᠡᠳ᠋ ᠫᠷᠣᠹᠧᠰᠰᠣᠷ ᠥ᠊ ∙ ᠡᠰᠪᠣᠯ ᠳᠤ ᠨᠠᠷ ᠨᠡᠶᠢᠲᠡ ᠢᠷᠡᠭᠰᠡᠨ ᠵᠣᠴᠢᠳ ᠠᠴᠠ ᠨᠡᠭᠡᠭᠡᠯᠲᠡ ᠲᠡᠢ ᠪᠡᠷ ᠪᠦᠷᠢᠳᠬᠡᠨ ᠲᠣᠳᠣᠷᠬᠠᠢ ᠲᠣᠭ᠎ᠠ ᠪᠦᠬᠦᠢ ᠵᠣᠴᠢᠳ ᠲᠤ ᠰᠤᠷᠭᠠᠯᠲᠠ ᠶᠠᠪᠤᠭᠤᠯᠤᠭᠰᠠᠨ ᠶᠤᠮ᠃

ᠤᠭ ᠠᠷᠭ᠎ᠠ ᠬᠡᠮᠵᠢᠶᠡᠨ ᠦ 2 ᠍ ᠳᠠᠬᠢ ᠡᠳᠦᠷ 《ᠬᠠᠷᠠᠭᠤᠯ ᠵᠠᠩᠭᠢ 2017》 ᠲᠡᠮᠡᠴᠡᠭᠡᠨ ᠦ 3 ᠍ ᠳᠦᠭᠡᠷ ᠰᠢᠲᠠ ᠶᠠᠪᠤᠭᠳᠠᠭᠰᠠᠨ ᠪᠠ ᠤᠭ ᠲᠡᠮᠡᠴᠡᠭᠡᠨ ᠳᠦ 《ᠬᠣᠷᠴᠢᠨ》 ᠪᠠᠭ 917 ᠣᠨᠣᠭ᠎ᠠ ᠪᠠᠷ 10 ᠪᠣᠳᠣᠯᠭ᠎ᠠ ᠠᠴᠠ 9 ᠪᠣᠳᠣᠯᠭ᠎ᠠ ᠶᠢ ᠪᠣᠳᠣᠨ ᠲᠡᠷᠢᠭᠦᠨ ᠪᠠᠶᠢᠷᠢᠨ ᠳᠤ ᠰᠢᠯᠭᠠᠷᠴᠢ᠂ 《1up》 ᠪᠠᠭ 812 ᠣᠨᠣᠭ᠎ᠠ ᠲᠠᠢ ᠪᠠᠷ ᠤᠳᠠᠭᠠᠬᠢ ᠪᠠᠶᠢᠷᠢᠨ ᠳᠤ ᠰᠢᠯᠭᠠᠷᠠᠯ᠎ᠠ᠃