ᠦᠨᠳᠦᠰᠦᠨ ᠦ ᠳ᠋ᠠᠲ᠋ᠠ ᠲᠥᠪ

Nmap ᠫᠷᠣᠭᠷᠠᠮ ᠢ ᠠᠰᠢᠭᠯᠠᠬᠤ ᠵᠥᠪᠯᠡᠮᠵᠢ

Nmap ᠨᠢ Network Mapper ᠭᠡᠰᠡᠨ ᠦᠭᠡᠨ ᠦ ᠲᠣᠪᠴᠢᠯᠠᠯ ᠪᠥᠭᠡᠳ ᠡᠨᠡᠬᠦ ᠫᠷᠣᠭᠷᠠᠮ ᠢ ᠭᠣᠷᠳᠠᠨ ᠯᠶᠤᠶᠢᠨ ᠭᠡᠭᠴᠢ ᠵᠠᠯᠠᠭᠤ 1997 ᠣᠨ ᠳᠤ ᠪᠢᠴᠢᠭᠰᠡᠨ ᠪᠥᠭᠡᠳ ᠣᠯᠠᠨ ᠨᠡᠶᠢᠲᠡ ᠳᠦ ᠹᠶᠣᠳᠠᠷ ᠸᠠᠰᠺᠣᠸᠢᠴ ᠭᠡᠬᠦ ᠬᠣᠴᠢ ᠪᠠᠷ ᠢᠶᠠᠨ ᠠᠯᠳᠠᠷᠰᠢᠭᠰᠠᠨ ᠬᠠᠺᠧᠷ ᠶᠤᠮ᠃ ᠡᠨᠡᠬᠦ ᠫᠷᠣᠭᠷᠠᠮ ᠨᠢ ᠺᠣᠮᠫᠢᠶᠦ᠋ᠲ᠋ᠧᠷ ᠦᠨ ᠰᠦᠯᠵᠢᠶᠡᠨ ᠳᠦ ᠬᠣᠯᠪᠣᠭᠳᠠᠭᠰᠠᠨ ᠬᠣᠣᠰ ᠲᠤ ᠪᠣᠯᠤᠨ ᠦᠢᠯᠡᠴᠢᠯᠡᠭᠡ ᠶᠢ(service) ᠢᠯᠡᠷᠡᠭᠦᠯᠬᠦ ᠮᠥᠨ ᠲᠤᠬᠠᠢ ᠶᠢᠨ ᠰᠦᠯᠵᠢᠶᠡᠨ ᠦ ᠵᠢᠷᠤᠭᠯᠠᠯ ᠢ ᠪᠤᠢ ᠪᠣᠯᠭᠠᠬᠤ ᠳᠤ ᠠᠰᠢᠭᠯᠠᠭᠳᠠᠳᠠᠭ᠃ ᠲᠤᠰᠬᠠᠶᠢᠯᠠᠨ ᠪᠡᠯᠡᠳᠬᠡᠵᠦ ᠪᠤᠢ ᠪᠣᠯᠭᠠᠭᠰᠠᠨ ᠰᠦᠯᠵᠢᠶᠡᠨ ᠦ ᠫᠠᠺᠧᠲ ᠢ ᠬᠣᠣᠰᠲ᠋ᠷᠤ ᠢᠯᠡᠭᠡᠬᠦ ᠪᠠ ᠢᠷᠡᠭᠰᠡᠨ ᠬᠠᠷᠢᠭᠤ ᠳᠡᠭᠡᠷ᠎ᠡ ᠳ᠋ᠦᠩᠨᠡᠯᠲᠡ ᠬᠢᠵᠦ ᠲᠤᠬᠠᠢ ᠶᠢᠨ ᠬᠣᠣᠰᠣᠲᠤ ᠶᠢᠨ ᠮᠡᠳᠡᠭᠡᠯᠡᠯ ᠢ ᠣᠯᠵᠤ ᠠᠪᠳᠠᠭ᠂ ᠠᠶᠤᠯ ᠦᠭᠡᠢ ᠪᠠᠶᠢᠳᠠᠯ ᠤᠨ ᠰᠢᠯᠢᠳᠡᠭ ᠫᠷᠣᠭᠷᠠᠮ ᠬᠠᠩᠭᠠᠮᠵᠢ ᠳᠤ ᠵᠦᠢ ᠶᠣᠰᠣᠭᠠᠷ ᠪᠠᠭᠲᠠᠳᠠᠭ ᠶᠤᠮ᠃

ᠡᠨᠡᠬᠦ ᠫᠷᠣᠭᠷᠠᠮ ᠬᠠᠩᠭᠠᠮᠵᠢ ᠨᠢ ᠠᠩᠬᠠᠯᠠᠨ ᠯᠢᠩᠺᠰ ᠦᠢᠯᠡᠳᠦᠯ ᠦᠨ ᠰᠢᠰᠲ᠋ᠧᠮ ᠳᠡᠭᠡᠷ᠎ᠡ ᠠᠵᠢᠯᠯᠠᠬᠤ ᠪᠠᠭᠠᠵᠢ ᠪᠣᠯᠤᠨ ᠪᠢᠴᠢᠭᠳᠡᠭᠰᠡᠨ ᠪᠠᠶᠢᠳᠠᠭ ᠪᠠ ᠬᠥᠭᠵᠢᠭᠦᠯᠦᠯᠲᠡ ᠶᠢᠨ ᠶᠠᠪᠤᠴᠠ ᠳᠤ Windows᠂ Solaris᠂ HP-UX᠂ BSD᠂ Mac Os᠂ AmigOS᠂ IRIX᠂ UNIX ᠦᠢᠯᠡᠳᠦᠯ ᠦᠨ ᠰᠢᠰᠲ᠋ᠧᠮ ᠳᠡᠭᠡᠷ᠎ᠡ ᠰᠠᠭᠤᠯᠭᠠᠵᠤ ᠠᠰᠢᠭᠯᠠᠬᠤ ᠪᠣᠯᠤᠮᠵᠢ ᠲᠠᠢ ᠪᠣᠯᠤᠭᠰᠠᠨ ᠶᠤᠮ᠃ ᠠᠩᠬᠠᠨ ᠤ ᠬᠤᠪᠢᠯᠪᠤᠷᠢ ᠪᠠᠨ 1997 ᠣᠨ ᠤ 9 ᠰᠠᠷ᠎ᠠ ᠳᠤ ᠭᠠᠷᠭᠠᠭᠰᠠᠨ ᠪᠠᠶᠢᠳᠠᠭ. Nmap ᠫᠷᠣᠭᠷᠠᠮ ᠨᠢ C᠂ C++᠂ Python᠂ Lua ᠫᠷᠣᠭᠷᠠᠮᠴᠢᠯᠠᠯ ᠤᠨ ᠬᠡᠯᠡ ᠳᠡᠭᠡᠷ᠎ᠡ ᠪᠢᠴᠢᠭᠳᠡᠭᠰᠡᠨ ᠪᠥᠭᠡᠳ ᠣᠯᠠᠨ ᠲᠥᠷᠥᠯ ᠦᠨ ᠫᠯᠠᠲ᠋ᠹᠣᠷᠮ ᠳᠡᠭᠡᠷ᠎ᠡ ᠰᠠᠭᠤᠭᠳᠠᠨ ᠠᠵᠢᠯᠯᠠᠳᠠᠭ. GPL V2 ᠯᠢᠼᠧᠨᠽᠢ ᠶᠢᠨ ᠳᠣᠣᠷ᠎ᠠ ᠬᠥᠭᠵᠢᠭᠦᠯᠡᠭᠳᠡᠳᠡᠭ᠃

Nmap ᠫᠷᠣᠭᠷᠠᠮ ᠤᠨ ᠣᠨᠴᠠᠯᠢᠭ ᠤᠳ᠄

  • ᠬᠣᠣᠰᠣᠲᠤ ᠶᠢᠨ ᠮᠡᠳᠡᠭᠡᠯᠡᠯ - ᠰᠦᠯᠵᠢᠶᠡᠨ ᠳᠦ ᠬᠣᠯᠪᠣᠭᠳᠠᠭᠰᠠᠨ ᠬᠣᠣᠰᠲ ᠤᠳ ᠢ ᠢᠯᠡᠷᠡᠭᠦᠯᠬᠦ᠃
  • ᠫᠣᠷ ᠲᠤ ᠰᠢᠯᠭᠠᠯᠲᠠ - ᠲᠤᠬᠠᠢ ᠶᠢᠨ ᠬᠣᠣᠰᠣᠲᠤ ᠶᠢᠨ ᠨᠡᠭᠡᠭᠡᠯᠲᠡ ᠲᠡᠢ ᠫᠣᠷᠲ ᠤᠳ ᠢ ᠵᠢᠭᠰᠠᠭᠠᠨ ᠬᠠᠷᠠᠭᠤᠯᠬᠤ᠃
  • ᠬᠤᠪᠢᠯᠪᠤᠷᠢ ᠢᠯᠡᠷᠡᠭᠦᠯᠦᠯᠲᠡ - ᠰᠦᠯᠵᠢᠶᠡᠨ ᠳᠦ ᠠᠵᠢᠯᠯᠠᠵᠤ ᠪᠠᠶᠢᠭ᠎ᠠ ᠰᠧᠷᠠᠸᠢᠰ ᠪᠣᠯᠤᠨ ᠲᠤᠬᠠᠢ ᠶᠢᠨ ᠠᠫᠫᠯᠢᠭ ᠢᠶᠢᠰᠢᠨ ᠦ ᠨᠡᠷᠡ ᠪᠣᠯᠤᠨ ᠬᠤᠪᠢᠯᠪᠤᠷᠢ ᠶᠢᠨ ᠳ᠋ᠤᠭᠠᠷ ᠢ ᠢᠯᠡᠷᠡᠭᠦᠯᠬᠦ᠃
  • ᠦᠢᠯᠡᠳᠦᠯ ᠦᠨ ᠰᠢᠰᠲ᠋ᠧᠮ ᠢᠯᠡᠷᠡᠭᠦᠯᠦᠯᠲᠡ - ᠰᠦᠯᠵᠢᠶᠡᠨ ᠦ ᠲᠥᠬᠥᠭᠡᠷᠦᠮᠵᠢ ᠨᠦᠭᠦᠳ ᠦᠨ ᠲᠧᠭᠨᠢᠭ ᠬᠠᠩᠭᠠᠮᠵᠢ ᠶᠢᠨ ᠮᠡᠳᠡᠭᠡᠯᠡᠯ ᠪᠣᠯᠤᠨ ᠦᠢᠯᠡᠳᠦᠯ ᠦᠨ ᠰᠢᠰᠲ᠋ᠧᠮ ᠢ ᠢᠯᠡᠷᠡᠭᠦᠯᠬᠦ᠃
  • ᠠᠦ᠋ᠳᠢᠲ - ᠰᠦᠯᠵᠢᠶᠡᠨ ᠦ ᠲᠥᠬᠦᠭᠡᠷᠦᠮᠵᠢ ᠪᠣᠯᠤᠨ ᠭᠠᠯ ᠳᠤ ᠬᠠᠨ᠂ ᠪᠣᠯᠤᠨ ᠰᠦᠯᠵᠢᠶᠡᠨ ᠦ ᠬᠣᠯᠪᠣᠯᠲᠠ ᠶᠢ ᠢᠯᠡᠷᠡᠭᠦᠯᠬᠦ ᠲᠡᠭᠦᠨ᠂ ᠳᠡᠭᠡᠷ᠎ᠡ ᠠᠦ᠋ᠳᠢᠲ ᠬᠢᠬᠦ᠃
  • ᠰᠺᠷᠢᠫ ᠲᠦ ᠳᠡᠭᠡᠷ᠎ᠡ ᠰᠠᠭᠤᠷᠢᠯᠠᠨ ᠮᠡᠳᠡᠭᠡᠯᠡᠯ ᠴᠤᠭᠯᠠᠭᠤᠯᠬᠤ - ᠲᠤᠬᠠᠢ ᠶᠢᠨ ᠬᠣᠣᠰ ᠲᠤ ᠪᠣᠯᠤᠨ ᠰᠧᠷᠠᠸᠢᠰ ᠤᠨ ᠲᠤᠬᠠᠢ ᠮᠡᠳᠡᠭᠡᠯᠡᠯ ᠲᠡᠳᠡᠭᠡᠷ ᠦᠨ ᠬᠣᠭᠣᠷᠣᠨᠳᠣ ᠶᠢᠨ ᠬᠠᠷᠢᠯᠴᠠᠨ ᠠᠵᠢᠯᠯᠠᠭᠠᠨ ᠤ ᠲᠠᠯᠠᠭᠠᠷᠬᠢ ᠮᠡᠳᠡᠭᠡᠯᠡᠯ ᠢ NSE(Nmap Script Engine) ᠪᠣᠯᠤᠨ Lua ᠫᠷᠣᠭᠷᠠᠮᠴᠢᠯᠠᠯ ᠤᠨ ᠬᠡᠯᠡ ᠠᠰᠢᠭᠯᠠᠨ ᠴᠤᠭᠯᠠᠭᠤᠯᠬᠤ᠃
  • ᠰᠦᠯᠵᠢᠶᠡᠨ ᠦ ᠪᠦᠷᠢᠳᠬᠡᠯ᠂ ᠰᠦᠯᠵᠢᠶᠡᠨ ᠦ ᠵᠢᠷᠤᠭᠯᠠᠯ ᠪᠤᠢ ᠪᠣᠯᠭᠠᠬᠤ᠃
  • ᠰᠦᠯᠵᠢᠶᠡᠨ ᠳᠡᠭᠡᠷᠡᠬᠢ ᠬᠣᠣᠰᠲ᠋ᠷᠤ ᠲᠷᠠᠹᠹᠢᠺ ᠡᠭᠦᠰᠬᠡᠵᠦ᠂ ᠢᠷᠡᠭᠰᠡᠨ ᠬᠠᠷᠢᠭᠤ ᠳᠡᠭᠡᠷ᠎ᠡ ᠠᠨᠠᠯᠢᠽᠢ ᠬᠢᠬᠦ᠃
  • ᠰᠢᠨ᠎ᠡ ᠰᠧᠷᠸᠧᠷ ᠦᠳ ᠢ ᠢᠯᠡᠷᠡᠭᠦᠯᠦᠨ ᠰᠦᠯᠵᠢᠶᠡᠨ ᠦ ᠠᠶᠤᠯ ᠦᠭᠡᠢ ᠪᠠᠶᠢᠳᠠᠯ ᠤᠨ ᠠᠦ᠋ᠳᠢᠲ ᠬᠢᠬᠦ᠃
  • ᠰᠦᠯᠵᠢᠶᠡᠨ ᠦ ᠡᠮᠵᠡᠭ ᠪᠠᠶᠢᠳᠠᠯ ᠢ ᠢᠯᠡᠷᠡᠭᠦᠯᠦᠨ ᠲᠡᠭᠦᠨ ᠳᠡᠭᠡᠷ᠎ᠡ ᠬᠢᠭᠳᠡᠬᠦ ᠡᠺᠰᠫᠯᠣᠢ ᠳᠤ ᠬᠠᠶᠢᠬᠤ᠃

ᠭᠷᠠᠹᠢᠺ ᠢᠨᠲ᠋ᠧᠷᠹᠡᠢᠰ᠄

Nmap ᠫᠷᠣᠭᠷᠠᠮ ᠤᠨ ᠠᠯᠪᠠᠨ ᠶᠣᠰᠣᠨ ᠤ ᠠᠩᠬᠠᠨ ᠤ ᠬᠡᠷᠡᠭᠯᠡᠭᠴᠢ ᠶᠢᠨ ᠭᠷᠠᠹᠢᠺ ᠢᠨᠲ᠋ᠧᠷᠹᠡᠢᠰ ᠢ ᠬᠤᠪᠢᠯᠪᠤᠷᠢ 2.2 ᠍ ᠪᠠᠨc ᠡᠬᠢᠯᠡᠨ 4.2 ᠬᠤᠪᠢᠯᠪᠤᠷᠢ ᠬᠦᠷᠲᠡᠯ᠎ᠡ NmapFE ᠨᠡᠷ᠎ᠡ ᠲᠡᠢ ᠪᠡᠷ ᠭᠠᠷᠭᠠᠭᠰᠠᠨ ᠪᠠ Zach Smith ᠭᠡᠬᠦ ᠫᠷᠣᠭᠷᠠᠮ ᠵᠣᠬᠢᠶᠠᠭᠴᠢ ᠪᠢᠴᠢᠵᠡᠢ᠃ ᠲᠡᠭᠦᠨ ᠡᠴᠡ ᠬᠣᠶᠢᠰᠢᠬᠢ ᠬᠤᠪᠢᠯᠪᠤᠷᠢ ᠨᠤᠭᠤᠳ ᠲᠤ Adriano Monteiro Marques ᠍ ᠤᠨ ᠬᠥᠭᠵᠢᠭᠦᠯᠦᠭᠰᠡᠨ Zenmap GUI ᠍ ᠳᠤᠭᠠᠷ ᠪᠥᠷᠢᠨ ᠰᠣᠯᠢᠵᠤ nmap ᠬᠡᠷᠡᠭᠯᠡᠭᠴᠢ ᠶᠢᠨ ᠭᠷᠠᠹᠢᠺ ᠢᠨᠲ᠋ᠧᠷᠹᠡᠢᠰ ᠲᠡᠢ ᠬᠤᠪᠢᠯᠪᠤᠷᠢ ᠪᠣᠯᠭᠠᠨ ᠠᠰᠢᠭᠯᠠᠵᠤ ᠢᠷᠡᠭᠰᠡᠨ᠃ ᠮᠥᠨ ᠸᠪ ᠬᠥᠲᠥᠴᠢ ᠳᠡᠭᠡᠷ᠎ᠡ ᠰᠠᠭᠤᠷᠢᠯᠠᠭᠰᠠᠨ ᠬᠡᠷᠡᠭᠯᠡᠭᠴᠢ ᠶᠢᠨ ᠭᠷᠠᠹᠢᠺ ᠢᠨᠲ᠋ᠧᠷᠹᠡᠢᠰ ᠬᠤᠪᠢᠯᠪᠤᠷᠢ ᠨᠤᠭᠤᠳ ᠬᠡᠷᠡᠭᠯᠡᠭᠳᠡᠵᠦ ᠪᠠᠶᠢᠭ᠎ᠠ ᠪᠠ ᠡᠭᠦᠨ ᠳᠦ Nmap-web᠂ Nmap-CGI᠂ LOCALSCAN᠂ NmapWin ᠵᠡᠷᠭᠡ ᠬᠤᠪᠢᠯᠪᠤᠷᠢ ᠨᠤᠭᠤᠳ ᠪᠠᠭᠲᠠᠳᠠᠭ᠃

2.png

ᠵᠢᠷᠤᠭ 1. Zenmap

Nmap ᠫᠷᠣᠭᠷᠠᠮ ᠤᠨ ᠰᠢᠯᠭᠠᠯᠲᠠ ᠶᠢᠨ ᠦᠷ᠎ᠡ ᠳᠦᠩ ᠦᠨ ᠲᠠᠶᠢᠯᠤᠨ᠄

Nmap ᠫᠷᠣᠭᠷᠠᠮ ᠨᠢ ᠦᠨᠳᠦᠰᠦᠨ 4 ᠲᠥᠷᠥᠯ ᠦᠨ ᠣᠷᠣᠯᠲᠠ ᠶᠢᠨ ᠹᠣᠷᠮᠠᠲ ᠢ ᠳᠡᠮᠵᠢᠳᠡᠭ ᠪᠣᠯᠪᠠᠴᠤ᠂ ᠪᠦᠬᠦ ᠭᠠᠷᠤᠯᠲᠠ ᠶᠢᠨ ᠦᠷ᠎ᠡ ᠳᠦᠩ ᠢ ᠹᠠᠶᠢᠯ ᠳᠤ ᠬᠠᠳᠠᠭᠠᠯᠠᠬᠤ ᠪᠣᠯᠤᠮᠵᠢ ᠲᠠᠢ ᠪᠥᠭᠡᠳ ᠲᠤᠬᠠᠢ ᠶᠢᠨ ᠭᠠᠷᠤᠯᠲᠠ ᠶᠢ ᠶᠠᠩᠵᠤ ᠪᠦᠷᠢ ᠶᠢᠨ ᠲᠧᠺᠰᠲ ᠪᠣᠯᠪᠠᠰᠤᠷᠠᠭᠤᠯᠤᠭᠴᠢ ᠫᠷᠣᠭᠷᠠᠮ ᠬᠠᠩᠭᠠᠮᠵᠢ ᠨᠤᠭᠤᠳ ᠲᠠᠢ ᠤᠶᠠᠯᠳᠤᠭᠤᠯᠤᠨ ᠤᠳᠤᠷᠢᠳᠬᠤ᠂ ᠭᠠᠷᠤᠯᠲᠠ ᠶᠢᠨ ᠦᠷ᠎ᠡ ᠳᠦᠩ ᠢ ᠬᠡᠷᠡᠭᠯᠡᠭᠴᠢ ᠪᠦᠷᠢᠨ ᠵᠠᠰᠠᠪᠤᠷᠢᠯᠠᠬᠤ ᠪᠣᠯᠤᠮᠵᠢ ᠶᠢ ᠣᠯᠭᠤᠭᠰᠠᠨ ᠪᠠᠶᠢᠨ᠎ᠠ᠃

Interactive - ᠺᠣᠮᠠᠨᠳ ᠤᠨ ᠮᠥᠷ ᠳᠡᠭᠡᠷ᠎ᠡ ᠠᠵᠢᠯᠯᠠᠵᠤ ᠪᠤᠢ nmap ᠍ ᠤᠨ ᠦᠷ᠎ᠡ ᠳᠦᠩ ᠢ real-time ᠬᠠᠷᠠᠭᠤᠯᠳᠠᠭ᠃

XML- xml ᠨᠡᠮᠡᠯᠲᠡ ᠨᠦᠭᠦᠳ ᠢ ᠠᠰᠢᠭᠯᠠᠨ ᠦᠷ᠎ᠡ ᠳᠦᠩ ᠢ .xml ᠹᠣᠷᠮᠠᠲ᠋ᠠᠷ ᠬᠡᠪᠯᠡᠬᠦ᠂ ᠮᠥᠨ XSLT ᠨᠡᠮᠡᠯᠲᠡ ᠠᠰᠢᠭᠯᠠᠨ .html ᠹᠠᠶᠢᠯ ᠳᠤ ᠪᠢᠴᠢᠬᠦ ᠪᠣᠯᠤᠮᠵᠢ ᠣᠯᠭᠤᠳᠠᠭ᠃

Grepable - ᠺᠣᠮᠮᠠᠨᠳ ᠤᠨ ᠮᠥᠷ ᠳᠡᠭᠡᠷ᠎ᠡ ᠠᠰᠢᠭᠯᠠᠭᠳᠠᠳᠠᠭ sed᠂ awk᠂ grep ᠵᠡᠷᠭᠡ ᠪᠠᠭᠠᠵᠢ ᠪᠠᠷ ᠭᠠᠷᠤᠯᠲᠠ ᠶᠢ ᠤᠳᠤᠷᠢᠳᠴᠤ ᠪᠣᠯᠤᠨ᠎ᠠ᠃

Normal - interactive ᠭᠠᠷᠤᠯᠲᠠ ᠲᠠᠢ ᠲᠥᠰᠲᠡᠢ ᠪᠣᠯᠪᠠᠴᠤ᠂ ᠦᠷ᠎ᠡ ᠳᠦᠩ ᠦᠨ ᠭᠠᠷᠤᠯᠲᠠ ᠨᠢ ᠹᠠᠶᠢᠯ ᠳᠤ ᠪᠢᠴᠢᠭᠳᠡᠳᠡᠭ᠃

Script kiddie - ᠡᠩ ᠦᠨ ᠭᠠᠷᠤᠯᠲᠠ ᠶᠢ LEET ᠪᠢᠴᠢᠭᠯᠡᠯ ᠳᠦ ᠬᠥᠷᠪᠡᠭᠦᠯᠦᠨ ᠭᠠᠷᠭᠠᠳᠠᠭ᠃

Nmap ᠬᠥᠭᠵᠢᠭᠦᠯᠦᠯᠲᠡ ᠲᠡᠦᠬᠡᠨ ᠣᠨ ᠳᠠᠷᠠᠭᠠᠯᠠᠯ ᠢᠶᠠᠷ

Nmap ᠠᠩᠬᠠᠨ ᠤ ᠬᠤᠪᠢᠯᠪᠤᠷᠢ 1997 ᠣᠨ ᠤ 9 ᠰᠠᠷ᠎ᠠ ᠳᠤ Phrack Magazine ᠰᠡᠳᠬᠦᠯ ᠳᠡᠭᠡᠷ᠎ᠡ ᠡᠬᠡ ᠺᠣᠳ᠋ ᠍ ᠤᠨ ᠬᠠᠮᠲᠤ ᠬᠡᠪᠯᠡᠭᠳᠡᠨ ᠭᠠᠷᠤᠭᠰᠠᠨ ᠪᠠᠶᠢᠳᠠᠭ᠃ ᠲᠡᠭᠦᠨ ᠡᠴᠡ ᠬᠣᠶᠢᠰᠢ ᠺᠣᠮᠫᠢᠶᠦ᠋ᠲ᠋ᠧᠷ ᠦᠨ ᠠᠶᠤᠯ ᠦᠭᠡᠢ ᠪᠠᠶᠢᠳᠠᠯ ᠤᠨ ᠪᠦᠯᠬᠦᠮ᠂ ᠬᠣᠯᠪᠣᠭᠠᠳ ᠤᠳ ᠲᠤᠰᠠᠯᠠᠮᠵᠢ ᠦᠵᠡᠭᠦᠯᠵᠦ ᠬᠤᠪᠢ ᠨᠡᠮᠡᠷᠢ ᠪᠡᠨ ᠣᠷᠣᠭᠤᠯᠵᠤ ᠪᠠᠶᠢᠭᠰᠠᠨ ᠪᠥᠭᠡᠳ ᠬᠥᠭᠵᠢᠭᠦᠯᠦᠯᠲᠡ ᠴᠤ ᠮᠥᠨ ᠦᠷᠭᠦᠯᠵᠢᠯᠡᠭᠰᠡᠭᠡᠷ ᠪᠠᠶᠢᠭᠰᠠᠨ ᠶᠤᠮ᠃ ᠡᠬᠢᠨ ᠦ ᠬᠤᠪᠢᠯᠪᠤᠷᠢ ᠨᠢ ᠫᠷᠣᠭᠷᠠᠮᠴᠢᠯᠠᠯ ᠤᠨ C ᠪᠣᠯᠤᠨ ᠰ++ ᠬᠡᠯᠡ ᠳᠡᠭᠡᠷ᠎ᠡ ᠪᠢᠴᠢᠭᠳᠡᠭᠰᠡᠨ ᠪᠠ ᠦᠢᠯᠡᠳᠦᠯ ᠦᠨ ᠰᠢᠰᠲ᠋ᠧᠮ ᠢᠯᠡᠷᠡᠭᠦᠯᠦᠯᠲᠡ᠂ ᠰᠧᠷᠠᠸᠢᠰ ᠢᠯᠡᠷᠡᠭᠦᠯᠦᠯᠲᠡ ᠵᠡᠷᠭᠡ ᠹᠦᠨᠺᠼ ᠦᠳ ᠲᠡᠢ ᠪᠠᠶᠢᠭᠰᠠᠨ ᠶᠤᠮ᠃

  • 1998 ᠣᠨ ᠤ 12 ᠰᠠᠷ᠎ᠠ ᠶᠢᠨ 12 -- Nmap 2.00 ᠭᠠᠷᠤᠭᠰᠠᠨ ᠪᠠ᠂ ᠦᠢᠯᠡᠳᠦᠯ ᠦᠨ ᠰᠢᠰᠲ᠋ᠧᠮ ᠢᠯᠡᠷᠡᠭᠦᠯᠦᠯᠲᠡ ᠶᠢᠨ ᠹᠦᠨᠺᠼ ᠪᠠᠭᠲᠤᠭᠰᠠᠨ᠃
  • 1999 ᠣᠨ ᠤ 4 ᠰᠠᠷ᠎ᠠ ᠶᠢᠨ 11 -- NmapFE ᠢᠨᠲ᠋ᠧᠷᠹᠡᠢᠰ Nmap ᠍ ᠲᠤ ᠨᠡᠮᠡᠭᠳᠡᠭᠰᠡᠨ᠃
  • 2000 ᠣᠨ ᠤ 12 ᠰᠠᠷ᠎ᠠ ᠶᠢᠨ 7 -- Windows ᠦᠢᠯᠡᠳᠦᠯ ᠦᠨ ᠰᠢᠰᠲ᠋ᠧᠮ ᠦᠨ ᠫᠣᠷᠲ ᠤᠳ ᠢ ᠳᠡᠮᠵᠢᠳᠡᠭ ᠪᠣᠯᠤᠭᠰᠠᠨ᠃
  • 2002 ᠣᠨ ᠤ 8 ᠰᠠᠷ᠎ᠠ ᠶᠢᠨ 28 -- ᠴᠥᠮ ᠺᠣᠳ᠋ ᠨᠢ C ᠬᠡᠯᠡᠨ ᠡᠴᠡ C++ ᠬᠡᠯᠡᠨ ᠳᠦ ᠬᠥᠷᠪᠡᠭᠦᠯᠡᠭᠳᠡᠨ ᠪᠢᠴᠢᠭᠳᠡᠭᠰᠡᠨ᠃
  • 2003 ᠣᠨ ᠤ 9 ᠰᠠᠷ᠎ᠠ ᠶᠢᠨ 13 -- ᠰᠧᠷᠠᠸᠢᠰ ᠤᠨ ᠬᠤᠪᠢᠯᠪᠤᠷᠢ ᠢᠯᠡᠷᠡᠭᠦᠯᠦᠭᠴᠢ ᠠᠩᠬᠠᠨ ᠤ ᠨᠡᠮᠡᠯᠲᠡ ᠶᠢ ᠣᠷᠣᠭᠤᠯᠤᠭᠰᠠᠨ᠃
  • 2004 ᠣᠨ ᠤ 8 ᠰᠠᠷ᠎ᠠ ᠶᠢᠨ 31 -- ᠦᠨᠳᠦᠰᠦᠨ 《Core scan engine 3.70》 ᠬᠤᠪᠢᠯᠪᠤᠷᠢ ᠳᠡᠭᠡᠷ᠎ᠡ ᠰᠢᠨᠡᠴᠢᠯᠡᠭᠳᠡᠨ ᠪᠢᠴᠢᠭᠳᠡᠭᠰᠡᠨ ᠪᠠ ᠡᠭᠦᠨ ᠢ ultra᠎scan ᠬᠡᠮᠡᠨ ᠨᠡᠷᠡᠯᠡᠵᠦ ᠪᠠᠶᠢᠭᠰᠠᠨ ᠶᠤᠮ᠃
  • 2005 ᠣᠨ ᠤ ᠵᠤᠨ — Nmap ᠨᠢ 《Google Summer of Code》 ᠍ ᠳᠦ ᠬᠠᠮᠤᠷᠤᠭᠳᠠᠭᠰᠠᠨ ᠪᠠ ᠡᠨᠡᠬᠦ ᠦᠢᠯᠡ ᠠᠵᠢᠯᠯᠠᠭᠠᠨ ᠤ ᠦᠷ᠎ᠡ ᠳᠦᠩ ᠳᠦ Zenmap᠂ NSE᠂ Ncat᠂ ᠪᠣᠯᠤᠨ 2 ᠍ ᠳᠡᠬᠢ ᠦᠶ᠎ᠡ ᠶᠢᠨ ᠦᠢᠯᠡᠳᠦᠯ ᠦᠨ ᠰᠢᠰᠲ᠋ᠧᠮ ᠢᠯᠡᠷᠡᠭᠦᠯᠦᠭᠴᠢ ᠵᠡᠷᠭᠡ ᠨᠡᠮᠡᠯᠲᠡ ᠨᠦᠭᠦᠳ ᠬᠥᠭᠵᠢᠭᠦᠯᠡᠭᠳᠡᠭᠰᠡᠨ ᠶᠤᠮ᠃
  • 2007 ᠣᠨ ᠤ 12 ᠰᠠᠷ᠎ᠠ ᠶᠢᠨ 13— Nmap 4.50 ᠨᠢ 10 ᠵᠢᠯ ᠦᠨ ᠣᠢ ᠶᠢᠨ ᠬᠤᠪᠢᠯᠪᠤᠷᠢ ᠪᠣᠯᠤᠨ ᠭᠠᠷᠤᠭᠰᠠᠨ ᠪᠠ ᠡᠭᠦᠨ ᠳᠦ Zenmap᠂ 2 ᠍ ᠳᠤᠭᠠᠷ ᠦᠶ᠎ᠡ ᠶᠢᠨ ᠦᠢᠯᠡᠳᠦᠯ ᠦᠨ ᠰᠢᠰᠲ᠋ᠧᠮ ᠢᠯᠡᠷᠡᠭᠦᠯᠦᠭᠴᠢ᠂ ᠪᠣᠯᠤᠨ Nmap Scripting Enginᠶᠡ ᠠᠯᠪᠠᠨ ᠶᠣᠰᠣᠭᠠᠷ ᠨᠡᠮᠡᠯᠲᠡ ᠪᠣᠯᠭᠠᠨ ᠣᠷᠣᠭᠤᠯᠤᠭᠰᠠᠨ ᠬᠤᠪᠢᠯᠪᠤᠷᠢ ᠪᠣᠯᠤᠭᠰᠠᠨ᠃
  • 2009 ᠣᠨ ᠤ 3 ᠰᠠᠷ᠎ᠠ ᠶᠢᠨ 30 --- Nmap 4.85 BETA5 ᠬᠤᠪᠢᠯᠪᠤᠷᠢ ᠭᠠᠷᠤᠭᠰᠠᠨ ᠪᠠ ᠡᠨᠡᠬᠦ ᠬᠤᠪᠢᠯᠪᠤᠷᠢ ᠶᠢᠨ NSE ᠰᠠᠩ ᠳᠤ Conficker infections ᠢᠯᠡᠷᠡᠭᠦᠯᠦᠭᠴᠢ ᠪᠠᠭᠲᠤᠭᠰᠠᠨ ᠪᠠᠶᠢᠳᠠᠭ᠃
  • 2009 ᠣᠨ ᠤ 7 ᠰᠠᠷ᠎ᠠ ᠶᠢᠨ 16 --- netcat ᠰᠣᠩᠭᠣᠯᠲᠠ ᠶᠢ Ncat ᠪᠣᠯᠤᠨ Ndiff ᠰᠢᠯᠭᠠᠭᠴᠢ ᠪᠠᠭᠠᠵᠢ ᠪᠠᠷ ᠰᠣᠯᠢᠭᠰᠠᠨ ᠪᠠᠶᠢᠳᠠᠭ᠃
  • 2011 ᠣᠨ ᠤ 1 ᠰᠠᠷ᠎ᠠ ᠶᠢᠨ 28 --- 5.50 ᠬᠤᠪᠢᠯᠪᠤᠷᠢ ᠭᠠᠷᠤᠭᠰᠠᠨ ᠪᠠ Nping ᠍ ᠶᠢ ᠪᠠᠭᠲᠠᠭᠠᠭᠰᠠᠨ᠃
  • 2012 ᠣᠨ ᠤ 5 ᠰᠠᠷ᠎ᠠ ᠶᠢᠨ 21 --- 6.00 ᠬᠤᠪᠢᠯᠪᠤᠷᠢ ᠭᠠᠷᠤᠭᠰᠠᠨ ᠪᠠ IPv6 ᠪᠦᠬᠦ ᠳᠡᠮᠵᠢᠯᠭᠡ ᠪᠠᠭᠲᠤᠭᠰᠠᠨ ᠪᠠ ᠲᠤᠬᠠᠢ ᠶᠢᠨ ᠦᠶ᠎ᠡ ᠳᠦ ᠫᠷᠣᠭᠷᠠᠮ ᠤᠨ ᠨᠡᠶᠢᠲᠡ ᠬᠡᠮᠵᠢᠶ᠎ᠡ 54MB᠂ 3572 OS fingerprints᠂ 8165 ᠬᠤᠪᠢᠯᠪᠤᠷᠢ ᠢᠯᠡᠷᠡᠭᠦᠯᠦᠭᠴᠢ᠂ 348 NSE ᠰᠺᠷᠢᠫᠲ ᠦᠳ ᠢ ᠪᠠᠭᠲᠠᠭᠠᠭᠰᠠᠨ ᠪᠠᠶᠢᠨ᠎ᠠ᠃
  • 2015 ᠣᠨ ᠤ 11 ᠰᠠᠷ᠎ᠠ ᠶᠢᠨ 9 --- Nmap 7.0 ᠬᠤᠪᠢᠯᠪᠤᠷᠢ ᠭᠠᠷᠤᠭᠰᠠᠨ᠃
  • 2016 ᠣᠨ ᠤ 12 ᠰᠠᠷ᠎ᠠ ᠶᠢᠨ 20 --- Nmap 7.4 ᠬᠤᠪᠢᠯᠤᠷᠪᠠᠷ ᠭᠠᠷᠤᠭᠰᠠᠨ᠃

Nmap ᠍ ᠤᠨ ᠢᠷᠡᠭᠡᠳᠦᠢ ᠶᠢᠨ ᠴᠢᠭ ᠬᠠᠨᠳᠤᠯᠭ᠎ᠠ

Nmap ᠨᠢ 20 ᠵᠢᠯ ᠦᠨ ᠲᠡᠦᠬᠡᠨ ᠳᠦ ᠪᠡᠨ ᠮᠠᠰᠢ ᠣᠯᠠᠨ ᠰᠢᠢᠳᠦᠯ᠂ ᠲᠥᠰᠦᠯ᠂ ᠬᠠᠨᠳᠤᠯᠭ᠎ᠠ ᠨᠤᠭᠤᠳ ᠢ ᠠᠮᠵᠢᠯᠲᠠᠲᠠᠢ ᠬᠡᠷᠡᠭᠵᠢᠭᠦᠯᠦᠭᠰᠡᠨ ᠪᠥᠭᠡᠳ᠂ ᠬᠥᠭᠵᠢᠭᠦᠯᠦᠭᠴᠢᠳ ᠦᠨ ᠬᠡᠯᠡᠵᠦ ᠪᠠᠶᠢᠭ᠎ᠠ ᠪᠠᠷ ᠢᠨᠲ᠋ᠧᠷᠨᠡᠲ ᠪᠣᠯᠤᠨ ᠰᠦᠯᠵᠢᠶᠡᠨ ᠦ ᠲᠧᠭᠨᠣᠯᠣᠭᠢ ᠶᠢᠨ ᠰᠢᠨ᠎ᠡ ᠢᠨᠨᠣᠸᠠᠼᠢ ᠡᠰᠡᠪᠡᠯ ᠳᠡᠯᠡᠬᠡᠢ ᠨᠡᠶᠢᠲᠡ ᠪᠡᠷ ᠳᠠᠭᠠᠵᠤ ᠮᠥᠷᠳᠡᠨ ᠬᠡᠷᠡᠭᠵᠢᠭᠦᠯᠬᠦ ᠰᠢᠨ᠎ᠡ ᠲᠧᠭᠨᠣᠯᠣᠭᠢ ᠭᠠᠷᠬᠤ ᠠᠴᠠ ᠨᠠᠰᠢ ᠳᠣᠷᠪᠢᠲᠠᠢ ᠰᠢᠨ᠎ᠡ ᠲᠥᠰᠦᠯ ᠲᠥᠯᠦᠪᠯᠡᠭᠡ ᠪᠠᠶᠢᠬᠤ ᠦᠭᠡᠢ ᠭᠡᠵᠦ ᠶᠠᠷᠢᠵᠤ ᠪᠠᠶᠢᠭ᠎ᠠ ᠶᠤᠮ᠃ ᠬᠠᠷᠢᠨ ᠣᠳᠣ ᠪᠠᠶᠢᠭ᠎ᠠ IPv6 ᠠᠶᠤᠯ ᠦᠭᠡᠢ ᠪᠠᠶᠢᠳᠠᠯ ᠢ ᠬᠠᠩᠭᠠᠬᠤ ᠰᠢᠨ᠎ᠡ ᠠᠷᠭ᠎ᠠ ᠬᠡᠯᠪᠡᠷᠢ ᠶᠢ ᠭᠣᠣᠯᠴᠢᠯᠠᠨ ᠪᠠᠷᠢᠬᠤ ᠠᠴᠠ ᠭᠠᠳᠠᠨ᠎ᠠ ᠦᠨᠳᠦᠰᠦᠨ ᠰᠠᠩᠭ᠎ᠠ ᠨᠤᠭᠤᠳ ᠤᠨ ᠢᠶᠠᠨ ᠰᠢᠨᠡᠴᠢᠯᠡᠯ ᠢ ᠤᠯᠠᠮ ᠰᠠᠶᠢᠵᠢᠷᠠᠭᠤᠯᠬᠤ ᠲᠥᠯᠦᠪᠯᠡᠭᠡ ᠲᠡᠢ ᠭᠡᠳᠡᠭ ᠢᠶᠡᠨ ᠢᠯᠡᠷᠬᠡᠶᠢᠯᠡᠭᠰᠡᠨ᠃

Nmap ᠲᠥᠰᠦᠯ ᠨᠢ ᠣᠶᠢᠷ᠎ᠠ ᠶᠢᠨ 10 ᠵᠢᠯ ᠦᠨ ᠲᠥᠯᠦᠪᠯᠡᠭᠡᠨ ᠳᠦ ᠪᠡᠨ ᠳᠠᠷᠠᠭᠠᠬᠢ ᠵᠦᠢᠯᠡᠰ ᠢ ᠲᠤᠰᠬᠠᠵᠠᠢ᠃ ᠡᠭᠦᠨ ᠳᠦ᠄

● Nmap Scripting Engine — NSE 2010 ᠣᠨ ᠤ ᠳᠤᠮᠳᠠ ᠦᠶᠡᠰ ᠡᠬᠢᠯᠡᠨ 131 ᠰᠺᠷᠢᠫᠲ ᠦᠳ ᠢ ᠬᠥᠭᠵᠢᠭᠦᠯᠵᠦ ᠢᠷᠡᠭᠰᠡᠨ ᠪᠠ ᠡᠮᠦᠨᠡᠬᠢ ᠵᠢᠯ ᠦᠳ ᠡᠴᠡ 68% ᠢᠯᠡᠭᠦᠦ ᠦᠵᠡᠭᠦᠯᠦᠯᠲᠡ ᠪᠠᠶᠢᠭ᠎ᠠ ᠶᠤᠮ. NSE ᠰᠺᠷᠢᠫᠲ ᠦᠳ ᠵᠢᠯ ᠢᠷᠡᠬᠦ ᠲᠤᠰᠤᠮ ᠰᠺᠷᠢᠫᠲᠦ ᠶᠢᠨ ᠰᠠᠨ ᠥᠷᠭᠡᠵᠢᠨ ᠲᠡᠯᠡᠭᠰᠡᠭᠡᠷ ᠪᠠᠶᠢᠭ᠎ᠠ ᠪᠢᠯᠡ᠃ ᠬᠥᠭᠵᠢᠭᠦᠯᠦᠯᠲᠡ ᠶᠢᠨ ᠪᠠᠭ ᠤᠨ ᠵᠦᠭ ᠡᠴᠡ ᠢᠷᠡᠬᠦ ᠵᠢᠯ ᠦᠳ ᠲᠦ ᠠᠯᠪᠠᠨ ᠶᠣᠰᠣᠨ ᠤ NSE ᠰᠺᠷᠢᠫ ᠲᠦ ᠰᠠᠩ ᠢ 500+ ᠢᠯᠡᠭᠦᠦ ᠰᠺᠷᠢᠳᠡᠲᠦ ᠨᠦᠭᠦᠳ ᠲᠡᠢ ᠪᠣᠯᠭᠠᠬᠤ ᠪᠠᠷ ᠵᠣᠷᠢᠨ ᠠᠵᠢᠯᠯᠠᠵᠤ ᠪᠠᠶᠢᠭ᠎ᠠ᠃

● Scanning web sites — Nmap ᠍ ᠦᠨ ᠥᠭᠡᠷ᠎ᠡ ᠨᠢᠭᠡ ᠵᠣᠷᠢᠯᠲᠠ ᠨᠢ ᠸᠪ ᠴᠢᠭᠯᠡᠯ ᠲᠡᠢ ᠰᠢᠯᠭᠠᠯᠲᠠ ᠬᠢᠬᠦ ᠶᠤᠮ᠃ ᠡᠬᠢᠨ ᠦ ᠬᠥᠭᠵᠢᠭᠦᠯᠦᠯᠲᠡ ᠨᠢ ᠡᠬᠢᠯᠡᠭᠰᠡᠨ ᠪᠠ ᠡᠭᠦᠨ ᠳᠦ ᠥᠭᠡᠷ᠎ᠡ ᠥᠭᠡᠷ᠎ᠡ ᠰᠧᠷᠠᠸᠢᠰ ᠦᠳ ᠢ ᠶᠠᠮᠠᠷ ᠫᠣᠷᠲ ᠤᠨ ᠳ᠋ᠤᠭᠠᠷ ᠳᠡᠭᠡᠷ᠎ᠡ ᠠᠵᠢᠯᠯᠠᠵᠤ ᠪᠠᠶᠢᠭ᠎ᠠ ᠪᠣᠯᠬᠤ᠂ ᠮᠥᠨ ᠳᠠᠯᠳᠠ ᠦᠢᠯᠡᠴᠢᠯᠡᠭᠡ ᠨᠦᠭᠦᠳ ᠢ ᠲᠠᠨᠢᠯᠲᠠ ᠬᠢᠬᠦ᠂ ᠲᠡᠳᠡᠭᠡᠷ ᠦᠨ ᠠᠩᠭᠢᠯᠠᠯ ᠢ ᠲᠣᠭᠲᠠᠭᠠᠵᠤ ᠥᠭᠬᠦ ᠪᠡᠷ ᠲᠥᠯᠦᠪᠯᠡᠵᠦ ᠪᠠᠶᠢᠭ᠎ᠠ ᠶᠤᠮ᠃ ᠣᠳᠣ ᠪᠠᠷ ᠰᠢᠨ᠎ᠡ ᠰᠧᠷᠠᠸᠢᠰ ᠦᠳ HTTP ᠫᠷᠣᠲ᠋ᠣᠺᠣᠯ ᠢᠶᠠᠷ ᠠᠵᠢᠯᠯᠠᠵᠤ ᠪᠠᠶᠢᠭ᠎ᠠ ᠪᠠ ᠲᠡᠳᠡᠭᠡᠷ ᠨᠢ ᠲᠤᠬᠠᠢ ᠶᠢᠨ 《URL》 ᠵᠠᠮ ᠢᠶᠠᠷ ᠨᠡᠷ᠎ᠡ ᠪᠣᠯᠤᠨ ᠫᠣᠷᠲ ᠤᠨ ᠳ᠋ᠤᠭᠠᠷ ᠲᠠᠢ ᠪᠠᠨ ᠲᠠᠨᠢᠯᠲᠠ ᠬᠢᠭᠳᠡᠵᠦ ᠪᠠᠶᠢᠭ᠎ᠠ ᠶᠤᠮ. Nmap NSE ᠰᠺᠷᠢᠫᠲ ᠦᠳ ᠨᠢ ᠠᠯᠢ ᠬᠡᠳᠦᠶᠢᠨ ᠸᠪ ᠰᠢᠯᠭᠠᠯᠲᠠ ᠶᠢᠨ ᠬᠡᠳᠦ ᠬᠡᠳᠦᠨ ᠨᠡᠮᠡᠯᠲᠡ ᠨᠦᠭᠦᠳ ᠢ ᠪᠠᠭᠲᠠᠭᠠᠭᠰᠠᠨ ᠪᠠᠶᠢᠭ᠎ᠠ ᠪᠥᠭᠡᠳ᠂ ᠬᠥᠭᠵᠢᠭᠦᠯᠦᠯᠲᠡ ᠶᠢᠨ ᠪᠠᠭ ᠤᠨ ᠬᠢᠨ ᠡᠭᠦᠨ ᠳᠡᠭᠡᠷ᠎ᠡ ᠨᠡᠮᠡᠭᠡᠳ 《http brute force password cracking》᠂ HTML/XML parser᠂ web applica ᠵᠡᠷᠭᠡ ᠨᠡᠮᠡᠯᠲᠡ ᠰᠣᠩᠭᠣᠯᠲᠠ ᠨᠤᠭᠤᠳ ᠢ ᠬᠢᠬᠦ ᠪᠡᠷ ᠠᠵᠢᠯᠯᠠᠵᠤ ᠪᠠᠶᠢᠭ᠎ᠠ ᠪᠠ ᠮᠥᠨ ᠫᠷᠣᠺᠰᠢ ᠫᠣᠷᠲ ᠰᠢᠯᠭᠠᠭᠴᠢ ᠬᠢᠬᠦ ᠪᠡᠷ ᠠᠵᠢᠯᠯᠠᠵᠤ ᠪᠠᠶᠢᠭ᠎ᠠ ᠶᠤᠮ᠃

● Online scanning web service — ᠬᠡᠷᠡᠭᠯᠡᠭᠴᠢᠳ ᠥᠪᠡᠷ ᠦᠨ ᠲᠣᠭᠠᠴᠠᠭᠠᠯᠠᠭᠤᠷ ᠮᠠᠰᠢᠨ ᠪᠣᠯᠤᠨ ᠰᠦᠯᠵᠢᠶ᠎ᠡ ᠶᠢ ᠡᠭᠦᠯᠡᠨ ᠲᠣᠭᠠᠴᠠᠭᠠᠯᠠᠯ ᠠᠴᠠ ᠰᠢᠯᠭᠠᠯᠲᠠ ᠪᠣᠯᠤᠮᠵᠢ ᠶᠢ ᠪᠤᠢ ᠪᠣᠯᠭᠠᠬᠤ ᠮᠥᠨ ᠺᠠᠯᠧᠨᠳᠠᠷᠢᠴᠢᠯᠠᠭᠰᠠᠨ ᠰᠢᠯᠭᠠᠯᠲᠠ ᠬᠢᠬᠦ ᠲᠡᠷᠬᠡᠦ ᠰᠢᠯᠭᠠᠯᠲᠠ ᠶᠢᠨ ᠦᠷ᠎ᠡ ᠳ᠋ᠦᠩ ᠢ ᠢ ᠮᠡᠶᠢᠯ ᠬᠠᠶ᠋ᠢᠭ ᠢᠶᠠᠷ ᠠᠩᠬᠠᠷᠤᠭᠤᠯᠬᠤ ᠳᠣᠬᠢᠶ᠎ᠠ ᠪᠣᠯᠭᠠᠨ ᠢᠯᠡᠭᠡᠳᠡᠭ ᠪᠣᠯᠭᠠᠬᠤ ᠵᠡᠷᠭᠡ ᠲᠥᠯᠦᠪᠯᠡᠭᠡ ᠲᠡᠢ ᠪᠠᠶᠢᠭ᠎ᠠ ᠬᠡᠮᠡᠨ ᠬᠥᠭᠵᠢᠭᠦᠯᠦᠭᠴᠢᠳ ᠨᠢ ᠳᠤᠷᠢᠳᠠᠭᠰᠠᠨ ᠪᠠᠶᠢᠨ᠎ᠠ᠃

ᠮᠥᠨ ᠠᠬᠢᠭᠰᠠᠨ ᠲᠦᠪᠰᠢᠨ ᠦ ᠳᠠᠷᠠᠭᠠᠬᠢ ᠠᠵᠢᠯ ᠤᠳ ᠢ ᠲᠥᠯᠥᠪᠯᠡᠭᠡᠳ ᠪᠠᠶᠢᠨ᠎ᠠ᠃ ᠡᠭᠦᠨ ᠳᠦ᠄

  • Nmap ᠫᠷᠣᠭᠷᠠᠮ ᠢ ᠣᠯᠠᠨ ᠤᠯᠤᠰ ᠤᠨ ᠬᠡᠮᠵᠢᠶᠡᠨ ᠦ ᠳᠡᠮᠵᠢᠯᠭᠡ ᠶᠢᠨ ᠬᠦᠷᠢᠶᠡᠨ ᠳᠦ ZenMap ᠬᠤᠪᠢᠯᠪᠤᠷᠢ ᠶᠢ 5 ᠬᠡᠯᠡᠨ ᠦ ᠰᠣᠩᠭᠣᠯᠲᠠ ᠲᠠᠢ ᠪᠣᠯᠭᠠᠬᠤ᠃
  • Teᠰᠡᠲᠡ ᠶᠢᠨ ᠨᠡᠮᠡᠯᠲᠡ ᠰᠢᠰᠲ᠋ᠧᠮ ᠣᠷᠣᠭᠤᠯᠵᠤ ᠦᠭᠬᠦ᠃
  • ᠦᠢᠯᠡᠳᠦᠯ ᠦᠨ ᠰᠢᠰᠲ᠋ᠧᠮ ᠪᠣᠯᠤᠨ ᠬᠤᠪᠢᠯᠪᠤᠷᠢ ᠢᠯᠡᠷᠡᠭᠦᠯᠬᠦ ᠰᠢᠰᠲ᠋ᠧᠮ ᠢ NIST Common Platform Enumeration (CPE) standard ᠨᠡᠮᠡᠯᠲᠡ ᠪᠣᠯᠤᠨ ᠪᠤᠰᠤᠳ ᠪᠠᠭᠠᠵᠢ ᠨᠤᠭᠤᠳ ᠢ ᠨᠡᠮᠡᠵᠦ ᠦᠭᠬᠦ᠃
  • Zenmap ᠨᠢ ᠤᠳᠤᠬᠤ ᠦᠭᠡᠢ ᠠᠬᠢᠭᠰᠠᠨ ᠲᠦᠪᠰᠢᠨ ᠦ ᠰᠺᠷᠢᠫ ᠲᠦ ᠰᠣᠩᠭᠣᠨ ᠠᠵᠢᠯᠯᠠᠭᠤᠯᠬᠤ᠂ ᠰᠺᠷᠢᠫ ᠲᠦ ᠠᠷᠭᠤᠮᠧᠨᠲ ᠰᠤᠩᠭᠤᠬᠤ ᠵᠡᠷᠭᠡ ᠨᠡᠮᠡᠯᠲᠡ ᠹᠦᠨᠺᠼ ᠢᠨᠲ᠋ᠧᠷᠹᠡᠢᠰ ᠲᠡᠢ ᠪᠣᠯᠭᠠᠬᠤ᠃
  • ᠮᠥᠨ Nmap video ᠬᠢᠴᠢᠶᠡᠯ ᠪᠡᠯᠡᠳᠬᠡᠬᠦ ᠰᠤᠷᠭᠠᠯᠲᠠ ᠶᠠᠪᠤᠭᠤᠯᠬᠤ᠂ ᠬᠦᠮᠦᠰ ᠲᠦ ᠲᠠᠨᠢᠭᠤᠯᠬᠤ ᠵᠡᠷᠭᠡ ᠦᠢᠯᠡ ᠠᠵᠢᠯᠯᠠᠭ᠎ᠠ ᠶᠠᠪᠤᠭᠤᠯᠬᠤ ᠪᠠᠷ ᠪᠡᠯᠡᠳᠦᠭᠡᠳ ᠪᠠᠶᠢᠨ᠎ᠠ᠃

ᠠᠵᠢᠯᠯᠠᠬᠤ ᠵᠠᠷᠴᠢᠮ

Nmap ᠫᠷᠣᠭᠷᠠᠮ ᠢ ᠰᠠᠭᠤᠯᠭᠠᠵᠤ ᠠᠵᠢᠯᠯᠠᠭᠤᠯᠬᠤ

ᠲᠠ https᠄//nmap.org/download.html ᠬᠠᠶ᠋ᠢᠭ ᠢᠶᠠᠷ ᠣᠷᠣᠵᠤ ᠥᠪᠡᠷᠰᠡᠳ ᠦᠨ ᠠᠰᠢᠭᠯᠠᠵᠤ ᠪᠤᠢ ᠦᠢᠯᠡᠳᠦᠯ ᠦᠨ ᠰᠢᠰᠲ᠋ᠧᠮ ᠳᠦ ᠵᠣᠷᠢᠭᠤᠯᠤᠭᠰᠠᠨ ᠬᠤᠪᠢᠯᠪᠤᠷᠢ ᠶᠢ ᠲᠠᠲᠠᠵᠤ ᠠᠪᠤᠭᠠᠳ ᠰᠠᠭᠤᠯᠭᠠᠬᠤ ᠪᠣᠯᠤᠮᠵᠢ ᠲᠠᠢ᠃

ᠥᠷᠭᠡᠨ ᠬᠡᠷᠡᠭᠯᠡᠭᠳᠡᠳᠡᠭ Debian ᠪᠣᠯᠤᠨ RedHat ᠰᠠᠭᠤᠷᠢ ᠳᠤ ᠰᠢᠰᠲ᠋ᠧᠮ ᠦᠳ ᠦᠨ ᠫᠠᠺᠧᠲ ᠤᠨ ᠰᠠᠩ ᠳᠤ nmap ᠫᠷᠣᠭᠷᠠᠮ ᠪᠠᠭᠲᠤᠭᠰᠠᠨ ᠶᠤᠮ᠃

Debian ᠰᠠᠭᠤᠷᠢ ᠲᠠᠢ ᠦᠢᠯᠡᠳᠦᠯ ᠦᠨ ᠰᠢᠰᠲ᠋ᠧᠮ ᠦᠳ ᠲᠦ ᠰᠠᠭᠤᠯᠭᠠᠬᠤ ᠶᠢᠨ ᠲᠤᠯᠠᠳᠠ ᠳᠠᠷᠠᠭᠠᠬᠢ ᠺᠣᠮᠮᠠᠨᠳ ᠢ ᠠᠵᠢᠯᠯᠠᠭᠤᠯᠬᠤ ᠬᠡᠷᠡᠭᠲᠡᠢ᠃

# sudo apt-get install nmap

Redhat ᠰᠠᠭᠤᠷᠢ ᠲᠠᠢ ᠦᠢᠯᠡᠳᠦᠯ ᠦᠨ ᠰᠢᠰᠲ᠋ᠧᠮ ᠦᠳ ᠲᠦ ᠰᠠᠭᠤᠯᠭᠠᠬᠤ ᠶᠢᠨ ᠲᠤᠯᠠᠳᠠ ᠳᠠᠷᠠᠭᠠᠬᠢ ᠺᠣᠮᠮᠠᠨᠳ ᠢ ᠠᠵᠢᠯᠯᠠᠭᠤᠯᠬᠤ ᠬᠡᠷᠡᠭᠲᠡᠢ᠃

# yum install nmap 

Nmap ᠫᠷᠣᠭᠷᠠᠮ ᠤᠨ ᠭᠠᠷᠤᠯᠲᠠ ᠶᠢ ᠤᠩᠰᠢᠬᠤ᠄

nmap [  ...] [  ] {  }

ᠳᠡᠭᠡᠷᠡᠬᠢ ᠺᠣᠮᠮᠠᠨᠳ ᠤᠨ ᠪᠢᠴᠢᠭᠯᠡᠯ ᠢᠶᠡᠷ ᠺᠣᠮᠮᠠᠨᠳ ᠢᠶᠠᠨ ᠦᠭᠬᠦ ᠪᠠ ᠰᠢᠯᠭᠠᠬᠤ ᠲᠥᠷᠦᠯ ᠮᠥᠨ ᠰᠣᠩᠭᠣᠯᠲᠠ ᠨᠤᠭᠤᠳ᠂ ᠲᠤᠬᠠᠢ ᠶᠢᠨ ᠬᠣᠣᠰᠣᠲᠤ ᠶᠢᠨ ᠨᠡᠷ᠎ᠡ ᠡᠰᠡᠪᠡᠯ ip ᠬᠠᠶ᠋ᠢᠭ ᠢ ᠪᠢᠴᠢᠨ᠎ᠡ᠃

3.png

ᠳᠡᠭᠡᠷᠡᠬᠢ ᠭᠠᠷᠤᠯᠲᠠ ᠳᠤ᠄

ᠲᠤᠬᠠᠢ ᠶᠢᠨ ᠳᠣᠮᠡᠢ ᠶᠢᠨ ᠡᠰᠡᠪᠡᠯ ᠸᠧᠪ ᠤᠨ ᠪᠠᠶᠢᠷᠢᠯᠠᠵᠤ ᠪᠠᠶᠢᠭ᠎ᠠ ip ᠬᠠᠶᠠᠭ᠃ ᠲᠤᠬᠠᠢ ᠶᠢᠨ ᠬᠣᠣᠰᠲ ᠢ ᠶᠠᠮᠠᠷ ᠬᠤᠭᠤᠴᠠᠭᠠᠨ ᠳᠤ ᠰᠢᠯᠭᠠᠵᠤ ᠳᠠᠭᠤᠰᠤᠭᠰᠠᠨ ᠬᠤᠭᠤᠴᠠᠭ᠎ᠠ᠃ ᠮᠥᠨ reverse dns ᠪᠣᠯᠤᠨ dns ᠪᠢᠴᠢᠯᠭᠡ ᠶᠢᠨ ᠮᠡᠳᠡᠭᠡᠯᠡᠯ᠃ ᠨᠡᠶᠢᠲᠡ ᠬᠠᠭᠠᠯᠲᠠ ᠲᠠᠢ ᠫᠣᠷᠲ ᠤᠳ ᠤᠨ ᠲᠣᠭ᠎ᠠ᠃ Nmap ᠦᠨᠳᠦᠰᠦᠨ ᠮᠡᠳᠡᠭᠡᠯᠡᠯ ᠳᠦ ᠫᠣᠷᠲ᠂ ᠲᠥᠯᠥᠪ᠂ ᠦᠢᠯᠡᠴᠢᠯᠡᠭᠡ᠂ ᠬᠤᠪᠢᠯᠪᠤᠷᠢ ᠭᠡᠰᠡᠨ 4 ᠦᠨᠳᠦᠰᠦᠨ ᠮᠡᠳᠡᠭᠡᠯᠡᠯ ᠢ ᠬᠠᠷᠠᠭᠤᠯᠤᠨ᠎ᠠ᠃ ᠮᠥᠨ ᠰᠣᠩᠭᠣᠯᠲᠠ ᠠᠴᠠ ᠬᠠᠮᠢᠶᠠᠷᠤᠭᠠᠳ ᠮᠠᠰᠢ ᠣᠯᠠᠨ ᠲᠥᠷᠥᠯ ᠦᠨ ᠮᠡᠳᠡᠭᠡᠯᠡᠯ ᠢ ᠳᠡᠯᠭᠡᠷᠡᠭᠦᠯᠦᠨ ᠬᠠᠷᠠᠬᠤ ᠪᠣᠯᠤᠮᠵᠢ ᠲᠠᠢ᠃ ᠡᠭᠦᠨ ᠳᠦ ᠲᠤᠬᠠᠢ ᠶᠢᠨ ᠬᠣᠣᠰᠣᠲᠤ ᠶᠢᠨ ᠦᠢᠯᠡᠳᠦᠯ ᠦᠨ ᠰᠢᠰᠲ᠋ᠧᠮ᠂ ᠬᠤᠪᠢᠯᠪᠤᠷᠢ᠂ ᠭᠡᠬᠦ ᠮᠡᠲᠦ ..᠃

ᠡᠩ ᠦᠨ ᠰᠢᠯᠭᠠᠬᠤ ᠲᠥᠷᠥᠯ ᠦᠳ᠄

ᠡᠩ ᠦᠨ ᠰᠢᠯᠭᠠᠯᠲᠠ ᠬᠢᠬᠦ ᠬᠡᠳᠦ ᠬᠡᠳᠦᠨ ᠲᠥᠷᠦᠯ ᠪᠠᠶᠢᠳᠠᠭ ᠪᠠ nmap ᠨᠢ ᠲᠤᠬᠠᠢ ᠶᠢᠨ ᠰᠦᠯᠵᠢᠶ᠎ᠡ ᠲᠡᠢ TCP ᠬᠣᠯᠪᠣᠯᠲᠠ ᠲᠠᠢ ᠪᠠᠶᠢᠭ᠎ᠠ ᠦᠶ᠎ᠡ ᠳᠦ 〔-sT〕 ᠪᠣᠯᠤᠨ SYN scanning 〔-sS〕 ᠭᠡᠰᠡᠨ ᠰᠣᠩᠭᠣᠯᠲᠠ ᠲᠠᠢ ᠪᠠᠷ ᠰᠢᠯᠭᠠᠯᠲᠠ ᠬᠢᠵᠦ ᠪᠣᠯᠤᠨ᠎ᠠ᠃

TCP connect() Scan [-sT] - ᠡᠨᠡ ᠲᠥᠷᠥᠯ ᠨᠢ ᠠᠯᠤᠰ ᠤᠨ ᠬᠣᠣᠰ ᠲᠤ ᠨᠢ ᠬᠣᠯᠪᠣᠯᠲᠠ ᠲᠣᠭᠲᠠᠭᠰᠠᠨ ᠦᠶ᠎ᠡ ᠳᠦ ᠬᠢᠭᠳᠡᠬᠦ ᠰᠢᠯᠭᠠᠯᠲᠠ ᠶᠢᠨ ᠲᠥᠷᠥᠯ ᠶᠤᠮ᠃ ᠬᠣᠶᠠᠷ ᠰᠢᠰᠲ᠋ᠧᠮ ᠦᠨ ᠬᠣᠭᠣᠷᠣᠨᠳᠣ 《Threeway handshake》 ᠫᠷᠣᠼᠧᠰᠰ ᠢ ᠠᠰᠢᠭᠯᠠᠨ ᠰᠢᠯᠭᠠᠯᠲᠠ ᠬᠢᠳᠡᠭ᠃ ᠶᠡᠷᠦᠩᠬᠡᠢ ᠳᠦ ᠪᠡᠨ SYN ᠫᠠᠺᠧᠲ ᠤᠨ ᠮᠡᠳᠡᠭᠡᠯᠡᠯ ᠳᠡᠭᠡᠷ᠎ᠡ ᠲᠤᠯᠭᠠᠭᠤᠷᠢᠯᠠᠨ ᠰᠢᠯᠭᠠᠯᠲᠠ ᠬᠢᠳᠡᠭ᠃ ᠣᠷᠴᠢᠨ ᠦᠶ᠎ᠡ ᠶᠢᠨ ᠭᠠᠯ ᠳᠤ ᠬᠠᠨ ᠤᠳ SYN ᠫᠠᠺᠧᠲ ᠢ ᠢᠯᠡᠷᠡᠭᠦᠯᠳᠡᠭ ᠪᠣᠯᠤᠭᠰᠠᠨ ᠪᠣᠯᠪᠠᠴᠤ Nmap ᠨᠢ ᠥᠪᠡᠷ ᠦᠨ ᠭᠡᠰᠡᠨ ᠠᠷᠭᠠᠴᠢᠯᠠᠯ ᠢᠶᠠᠷ SYN ᠫᠠᠺᠧᠲ ᠤᠨ ᠮᠡᠳᠡᠭᠡᠯᠡᠯ ᠢ ᠬᠦᠯᠢᠶᠡᠨ ᠠᠪᠴᠤ ᠪᠣᠯᠪᠠᠰᠤᠷᠠᠭᠤᠯᠳᠠᠭ᠃

FIN, Null and Xmas Tree Scans [-sF, -sN, -sX] - ᠬᠣᠰ ᠲᠤ ᠡᠰᠡᠪᠡᠯ ᠲᠤᠬᠠᠢ ᠶᠢᠨ ᠫᠣᠷ ᠲᠤ ᠬᠣᠯᠪᠣᠯᠲᠠ ᠬᠢᠭᠳᠡᠬᠦ ᠦᠭᠡᠢ ᠲᠣᠬᠢᠶᠠᠯᠳᠤᠯ ᠳᠤ RST ᠫᠠᠺᠧᠲ ᠤᠨ ᠮᠡᠳᠡᠭᠡᠯᠡᠯ ᠢ ᠢᠯᠡᠭᠡᠳᠡᠭ.FIN ᠠᠷᠭ᠎ᠠ ᠨᠢ ᠵᠥᠪᠬᠡᠨ FIN flag ᠳᠡᠭᠡᠷ᠎ᠡ ᠲᠤᠯᠭᠠᠭᠤᠷᠢᠯᠠᠨ ᠰᠢᠯᠭᠠᠯᠲᠠ ᠶᠢ ᠬᠢᠳᠡᠭ. Xmas Tree ᠠᠷᠭ᠎ᠠ ᠨᠢ FIN ᠪᠣᠯᠤᠨ URG᠂ PUSH flag ᠳᠡᠭᠡᠷ᠎ᠡ ᠲᠤᠯᠭᠠᠭᠤᠷᠢᠯᠠᠨ ᠰᠢᠯᠭᠠᠯᠲᠠ ᠶᠢ ᠬᠢᠳᠡᠭ. Null ᠠᠷᠭ᠎ᠠ ᠨᠢ ᠶᠠᠮᠠᠷ ᠨᠢᠭᠡ flag ᠪᠠᠶᠢᠬᠤ ᠦᠭᠡᠢ ᠫᠠᠺᠧᠲ ᠢ ᠢᠯᠡᠭᠡᠵᠦ ᠰᠢᠯᠭᠠᠯᠲᠠ ᠶᠢ ᠬᠢᠳᠡᠭ᠃

Ping Scan [-sP] - ᠡᠨᠡ ᠲᠥᠷᠥᠯ ᠨᠢ ᠲᠤᠬᠠᠢ ᠶᠢᠨ ᠨᠢᠭᠡ ᠰᠦᠯᠵᠢᠶᠡᠨ ᠳᠡᠭᠡᠷᠡᠬᠢ ᠣᠩᠯᠠᠢ ᠶᠢᠨ ᠪᠤᠶᠤ ᠢᠳᠡᠪᠬᠢᠲᠡᠢ ᠪᠠᠶᠢᠭ᠎ᠠ ᠬᠣᠣᠰᠲ ᠤᠳ ᠤᠨ ᠮᠡᠳᠡᠭᠡᠯᠡᠯ ᠢ ᠬᠠᠷᠠᠭᠤᠯᠳᠠᠭ ᠪᠠ ping ᠬᠦᠰᠡᠯᠲᠡ ᠳᠦ ᠲᠤᠯᠭᠠᠭᠤᠷᠢᠯᠠᠨ ᠰᠢᠯᠭᠠᠯᠲᠠ ᠬᠢᠳᠡᠭ᠃ ᠲᠤᠬᠠᠢ ᠶᠢᠨ ᠰᠢᠰᠲ᠋ᠧᠮ ᠳᠦ ICMP ECHO REQUEST (ping request) ᠬᠦᠰᠡᠯ ᠳᠦ ᠶᠠᠪᠤᠭᠤᠯᠳᠠᠭ.ᠬᠡᠷᠪᠡ ᠰᠢᠰᠲ᠋ᠧᠮ ᠣᠩᠯᠠᠢ ᠶᠢᠨ ᠪᠠᠶᠢᠪᠠᠯ ICMP ECHO REPLY ᠬᠠᠷᠢᠭᠤ ᠬᠦᠯᠢᠶᠡᠵᠦ ᠠᠪᠳᠠᠭ.ᠬᠡᠷᠪᠡ ICMP ᠨᠢ ᠪᠯᠣᠺᠯᠠᠭᠳᠠᠭᠰᠠᠨ ᠪᠠᠶᠢᠪᠠᠯ Nmap ᠨᠢ TCP ping ᠶᠠᠪᠤᠭᠤᠯᠳᠠᠭ.ᠡᠭᠦᠨ ᠳᠦ SYN᠂ ACK ᠍ ᠢ ᠳᠤᠷ᠎ᠠ ᠶᠢᠨ ᠫᠣᠷᠲᠣᠷᠣ ᠶᠠᠪᠤᠭᠤᠯᠳᠠᠭ᠃

UDP Scan [-sU] - ᠡᠨᠡ ᠲᠥᠷᠦᠯ ᠨᠢ ᠨᠡᠭᠡᠭᠡᠯᠲᠡ ᠲᠡᠢ ᠪᠠᠶᠢᠭ᠎ᠠ UDP ᠫᠣᠷᠲ ᠤᠳ ᠢ ᠰᠢᠯᠭᠠᠬᠤ ᠳᠤ ᠠᠰᠢᠭᠯᠠᠭᠳᠠᠳᠠᠭ ᠰᠣᠩᠭᠣᠯᠲᠠ ᠶᠤᠮ. UDP ᠫᠠᠺᠧᠲ ᠢ ᠲᠤᠬᠠᠢ ᠶᠢᠨ ᠰᠢᠰᠲ᠋ᠧᠮ ᠳᠦ ᠢᠯᠡᠭᠡᠬᠦ ᠪᠠ ICMP Port Unreachable ᠪᠠᠶᠢᠪᠠᠯ ᠲᠤᠬᠠᠢ ᠶᠢᠨ ᠫᠣᠷ ᠲᠤ ᠬᠠᠭᠠᠯᠲᠠᠲᠠᠢ ᠬᠠᠷᠢᠨ ᠪᠤᠰᠤᠳ ᠲᠣᠬᠢᠶᠠᠯᠳᠤᠯ ᠳᠤ ᠨᠡᠭᠡᠭᠡᠯᠲᠡ ᠲᠡᠢ ᠭᠡᠵᠦ ᠦᠵᠡᠨ᠎ᠡ᠃

IP Protocol Scans [-sO] - ᠡᠨᠡ ᠠᠷᠭ᠎ᠠ ᠨᠢ IP ᠫᠷᠣᠲ᠋ᠣᠺᠣᠯ ᠳᠡᠮᠵᠢᠳᠡᠭ ᠡᠰᠡᠬᠦ ᠶᠢ ᠢᠯᠡᠷᠡᠭᠦᠯᠵᠦ ᠲᠡᠭᠦᠨ ᠳᠡᠭᠡᠷ᠎ᠡ IP ᠫᠷᠣᠲ᠋ᠣᠺᠣᠯ ᠰᠢᠯᠭᠠᠯᠲᠠ ᠬᠢᠳᠡᠭ. Nmap ᠨᠢ ᠶᠠᠮᠠᠷ ᠨᠢᠭᠡᠨ ᠨᠡᠮᠡᠯᠲᠡ header ᠨᠡᠮᠡᠬᠦ ᠦᠭᠡᠢ IP ᠫᠠᠺᠧᠲ ᠢ ᠢᠯᠡᠭᠡᠳᠡᠭ᠃ ᠡᠨᠡ ᠲᠣᠬᠢᠶᠠᠯᠳᠤᠯ ᠳᠤ ICMP Protocol Unreachable message ᠬᠠᠷᠢᠭᠤ ᠢᠷᠡᠪᠡᠯ ᠫᠷᠣᠲ᠋ᠣᠺᠣᠯ ᠠᠰᠢᠭᠯᠠᠭᠳᠠᠬᠤ ᠦᠭᠡᠢ ᠪᠠᠶᠢᠨ᠎ᠠ ᠭᠡᠵᠦ ᠣᠶᠢᠯᠭᠠᠬᠤ ᠪᠠ ᠪᠤᠰᠤᠳ ᠲᠣᠬᠢᠶᠠᠯᠳᠤᠯ ᠳᠤ ᠨᠡᠭᠡᠭᠡᠯᠲᠡ ᠲᠡᠢ ᠭᠡᠵᠦ ᠦᠵᠡᠳᠡᠭ᠃ ᠭᠡᠪᠡᠴᠦ ᠪᠦᠬᠦ ᠬᠣᠣᠰᠲ ᠤᠳ ᠳᠡᠭᠡᠷᠡᠬᠢ ᠮᠡᠰᠡᠰᠡᠵᠢ ᠶᠢ ᠢᠯᠡᠭᠡᠳᠡᠭ ᠦᠭᠡᠢ ᠪᠠ ᠲᠤᠬᠠᠶᠢᠯᠠᠪᠠᠯ AIX᠂ HP-UX ᠮᠥᠨ ᠭᠠᠯᠲᠤ ᠬᠠᠨ ᠴᠤ ᠡᠭᠦᠨ ᠳᠦ ᠪᠠᠭᠠᠳᠤᠨ᠎ᠠ᠃

Version Detection [-sV] - ᠡᠨᠡᠬᠦ ᠠᠷᠭ᠎ᠠ ᠪᠠᠷ ᠲᠤᠬᠠᠢ ᠶᠢᠨ ᠰᠢᠰᠲ᠋ᠧᠮ ᠳᠡᠭᠡᠷ᠎ᠡ ᠶᠠᠮᠠᠷ ᠦᠢᠯᠡᠴᠢᠯᠡᠭᠡ ᠶᠠᠪᠤᠭᠳᠠᠵᠤ ᠪᠠᠶᠢᠭ᠎ᠠ ᠮᠥᠨ ᠨᠡᠭᠡᠭᠡᠯᠲᠡ ᠲᠡᠢ ᠫᠣᠷᠲ ᠤᠳ ᠤᠨ ᠮᠡᠳᠡᠭᠡᠯᠡᠯ᠂ ᠪᠦᠲᠦᠭᠡᠭᠳᠡᠬᠦᠨ ᠦ ᠨᠡᠷ᠎ᠡ ᠪᠣᠯᠤᠨ ᠬᠤᠪᠢᠯᠪᠤᠷᠢ ᠶᠢᠨ ᠮᠠᠰᠢ ᠴᠢᠬᠤᠯᠠ ᠮᠡᠳᠡᠭᠡᠯᠡᠯ ᠦᠳ ᠢ ᠣᠯᠵᠤ ᠠᠪᠬᠤ ᠳᠤ ᠬᠡᠷᠡᠭᠯᠡᠭᠳᠡᠳᠡᠭ᠃ ᠮᠥᠨ ᠡᠨᠡ ᠠᠷᠭ᠎ᠠ ᠲᠠᠢ ᠬᠠᠪᠰᠠᠷᠭᠠᠨ –ᠠ ᠰᠣᠩᠭᠣᠯᠲᠠ ᠶᠢ ᠬᠠᠮᠲᠤ ᠠᠰᠢᠭᠯᠠᠵᠤ ᠪᠣᠯᠬᠤ ᠪᠠ ᠡᠨᠡ ᠰᠣᠩᠭᠣᠯᠲᠠ ᠨᠢ ᠲᠤᠬᠠᠢ ᠶᠢᠨ ᠦᠢᠯᠡᠳᠦᠯ ᠦᠨ ᠰᠢᠰᠲ᠋ᠧᠮ ᠢ ᠬᠡᠪᠯᠡᠬᠦ᠂ ᠮᠥᠨ ᠲᠡᠭᠦᠨ ᠦ ᠬᠤᠪᠢᠯᠪᠤᠷᠢ ᠶᠢᠨ ᠲᠠᠯᠠᠭᠠᠷᠬᠢ ᠮᠡᠳᠡᠭᠡᠯᠡᠯ ᠦᠳ ᠢ ᠣᠯᠵᠤ ᠠᠪᠬᠤ ᠳᠤ ᠠᠰᠢᠭᠯᠠᠭᠳᠠᠳᠠᠭ᠃

ACK Scan [-sA] - ᠡᠨᠡ ᠠᠷᠭ᠎ᠠ ᠨᠢ ᠶᠡᠬᠡᠪᠴᠢᠯᠡᠨ ᠭᠠᠯᠲᠤ ᠬᠠᠨ᠎ᠠ ᠲᠠᠢ ᠬᠣᠣᠰᠲ ᠢ ᠰᠢᠯᠭᠠᠬᠤ ᠪᠣᠯᠤᠨ ᠭᠠᠯ ᠳᠤ ᠬᠠᠨ᠎ᠠ ᠲᠠᠢ ᠰᠢᠰᠲ᠋ᠧᠮ ᠦᠳ ᠦᠨ ᠬᠣᠭᠣᠷᠣᠨᠳᠣ ᠰᠢᠯᠭᠠᠯᠲᠠ ᠬᠢᠬᠦ ᠳᠦ ᠠᠰᠢᠭᠯᠠᠭᠳᠠᠳᠠᠭ᠃ ᠲᠤᠬᠠᠢ ᠶᠢᠨ ᠬᠣᠣᠰᠲ᠋ᠷᠤ ACK ᠫᠠᠺᠸᠲ ᠢᠯᠡᠭᠡᠵᠦ ᠰᠢᠯᠭᠠᠯᠲᠠ ᠶᠢ ᠬᠢᠳᠡᠭ᠃ ᠬᠡᠷᠪᠡ RST ᠬᠠᠷᠢᠭᠤ ᠪᠤᠴᠠᠵᠤ ᠢᠷᠡᠪᠡᠯ ᠲᠤᠬᠠᠢ ᠶᠢᠨ ᠫᠣᠷᠲ ᠢ unfiltered ᠪᠤᠶᠤ ᠭᠠᠯ ᠳᠤ ᠬᠠᠨ᠎ᠠ ᠪᠠᠷ ᠰᠢᠭᠦᠭᠳᠡᠳᠡᠭ ᠦᠭᠡᠢ ᠫᠣᠷᠲ ᠭᠡᠵᠦ ᠦᠵᠡᠬᠦ ᠪᠥᠭᠡᠳ ᠬᠠᠷᠢᠭᠤ ᠢᠷᠦᠬᠦ ᠦᠭᠡᠢ ᠪᠣᠯ ᠲᠤᠬᠠᠢ ᠶᠢᠨ ᠫᠣᠷᠲ ᠢ filtered ᠪᠤᠶᠤ ᠭᠠᠯ ᠳᠤ ᠬᠠᠨ᠎ᠠ ᠪᠠᠷ ᠰᠢᠭᠦᠭᠳᠡᠳᠡᠭ ᠭᠡᠵᠦ ᠦᠵᠡᠳᠡᠭ᠃ ᠮᠥᠨ ᠡᠨᠡ ᠲᠥᠷᠥᠯ ᠨᠢ SYN ᠫᠠᠺᠧᠲ ᠢ ᠭᠠᠯ ᠳᠤ ᠬᠠᠨ᠎ᠠ ᠪᠠᠷ ᠰᠢᠭᠦᠵᠦ ᠪᠠᠶᠢᠭ᠎ᠠ ᠦᠶ᠎ᠡ ᠳᠦ ᠶᠡᠬᠡᠪᠴᠢᠯᠡᠨ ᠠᠰᠢᠭᠯᠠᠳᠠᠭ᠃

Window Scan, RPC Scan, List Scan [-sW, -sR, -sL] - TCP Window scan ᠨᠢ ACK scan ᠍ ᠲᠠᠢ ᠲᠥᠰᠲᠡᠢ ᠪᠣᠯᠪᠠᠴᠤ ᠨᠡᠭᠡᠭᠡᠯᠲᠡ ᠲᠡᠢ ᠫᠣᠷᠲ ᠤᠳ ᠢ ᠮᠥᠨ ᠫᠣᠷ ᠲᠤ ᠰᠢᠭᠦᠭᠳᠡᠭᠰᠡᠨ ᠱᠦᠭᠦᠭᠳᠡᠭᠡ ᠦᠭᠡᠢ ᠶᠢ ᠢᠯᠡᠷᠡᠭᠦᠯᠳᠡᠭ ᠲᠥᠷᠥᠯ ᠶᠤᠮ᠃ RPC scan ᠨᠢ ᠪᠤᠰᠤᠳ ᠰᠢᠯᠭᠠᠯᠲᠠ ᠶᠢᠨ ᠲᠥᠷᠦᠯ ᠦᠳ ᠲᠡᠢ ᠬᠠᠮᠲᠤᠳᠬᠠᠨ ᠠᠰᠢᠭᠯᠠᠬᠤ ᠳᠤ ᠢᠯᠡᠭᠦᠦ ᠲᠣᠬᠢᠷᠠᠮᠵᠢᠲᠠᠢ ᠪᠠ ᠶᠠᠮᠠᠷ ᠫᠷᠣᠭᠷᠠᠮ ᠠᠵᠢᠯᠯᠠᠵᠤ ᠪᠠᠶᠢᠭ᠎ᠠ ᠮᠥᠨ ᠶᠠᠮᠠᠷ ᠦᠢᠯᠡᠴᠢᠯᠡᠭᠡ ᠶᠠᠪᠤᠭᠳᠠᠵᠤ ᠪᠠᠶᠢᠭ᠎ᠠ ᠲᠡᠭᠦᠨ ᠦ ᠬᠤᠪᠢᠯᠪᠤᠷᠢ ᠶᠢᠨ ᠳ᠋ᠤᠭᠠᠷ ᠵᠡᠷᠭᠡ ᠮᠡᠳᠡᠭᠡᠯᠡᠯ ᠢ ᠢᠯᠡᠭᠦᠦ ᠳᠡᠯᠭᠡᠷᠡᠩᠭᠦᠢ ᠬᠠᠷᠠᠬᠤ ᠳᠤ ᠠᠰᠢᠭᠯᠠᠭᠳᠠᠳᠠᠭ᠃

Timing and Hiding Scans - Nmap ᠨᠢ ᠮᠡᠳᠡᠭᠡᠵᠢ ᠬᠡᠷᠡᠭ ᠰᠦᠯᠵᠢᠶᠡᠨ ᠦ ᠬᠤᠷᠳᠤᠨ ᠠᠴᠠ ᠰᠢᠯᠲᠠᠭᠠᠯᠠᠨ ᠰᠢᠯᠭᠠᠬᠤ ᠫᠷᠣᠼᠧᠰᠰ ᠤᠨ ᠬᠤᠭᠤᠴᠠᠭ᠎ᠠ ᠬᠠᠷᠢᠯᠴᠠᠨ ᠠᠳᠠᠯᠢ ᠦᠭᠡᠢ ᠪᠠᠶᠢᠨ᠎ᠠ᠃ ᠭᠡᠪᠡᠴᠦ Nmap ᠨᠢ ᠲᠠᠩᠳᠠ ᠬᠤᠷᠳᠤᠨ ᠬᠦᠴᠦᠷᠬᠡᠭ ᠰᠢᠯᠭᠠᠯᠲᠠ ᠶᠢ ᠬᠢᠬᠦ ᠪᠣᠯᠤᠮᠵᠢ ᠪᠠᠷ ᠬᠠᠩᠭᠠᠳᠠᠭ᠃ ᠡᠨᠡᠬᠦ ᠠᠷᠭ᠎ᠠ ᠨᠢ –T ᠫᠠᠷᠠᠮᠧᠲ᠋ᠷ ᠢᠶᠡᠷ ᠢᠯᠡᠷᠬᠡᠶᠢᠯᠡᠭᠳᠡᠨ᠎ᠡ᠃ ᠠ –ᠲ ᠡᠰᠡᠪᠡᠯ –ᠲ 5 ᠭᠡᠵᠦ ᠥᠭᠴᠦ ᠪᠣᠯᠤᠨ᠎ᠠ᠃ ᠡᠨᠡ ᠨᠢ 5 ᠮᠢᠨᠦ᠋ᠲ ᠤᠨ ᠬᠣᠭᠣᠷᠣᠨᠳᠣ ᠫᠠᠺᠧᠲ ᠢ ᠢᠯᠡᠭᠡᠳᠡᠭ᠃ ᠠ –ᠲ ᠡᠰᠡᠪᠡᠯ –ᠲ 0 ᠭᠡᠵᠦ ᠥᠭᠴᠦ ᠪᠣᠯᠤᠨ᠎ᠠ᠃ ᠡᠨᠡ ᠨᠢ ᠮᠠᠰᠢ ᠬᠤᠷᠳᠤᠨ ᠰᠦᠯᠵᠢᠶᠡᠨ ᠳᠡᠭᠡᠷ᠎ᠡ ᠰᠢᠯᠭᠠᠯᠲᠠ ᠬᠢᠵᠦ ᠪᠣᠯᠬᠣᠷ ᠬᠤᠭᠤᠴᠠᠭ᠎ᠠ ᠶᠤᠮ᠃

FTP Bounce - Ftp ᠫᠷᠣᠲ᠋ᠣᠺᠣᠯ ᠨᠢ RFC 959 ᠰᠲ᠋ᠠᠨᠳᠠᠷᠲ ᠢᠶᠠᠷ ᠫᠷᠣᠺᠰᠢ ᠳᠡᠭᠡᠷ᠎ᠡ ᠳᠡᠮᠵᠢᠭᠳᠡᠭᠰᠡᠨ ᠪᠠᠶᠢᠳᠠᠭ ᠪᠠ ᠣᠷᠴᠢᠨ ᠦᠶ᠎ᠡ ᠶᠢᠨ ftpds ᠨᠢ ᠡᠭᠦᠨ ᠳᠡᠭᠡᠷ᠎ᠡ ᠠᠵᠢᠯᠯᠠᠳᠠᠭ ᠦᠭᠡᠢ᠂ ᠬᠠᠷᠢᠨ nmap ᠠᠰᠢᠭᠯᠠᠪᠠᠯ ᠲᠤᠬᠠᠢ ftp ᠰᠧᠷᠸᠧᠷ ᠢ ᠢᠯᠡᠷᠡᠭᠦᠯᠵᠦ ᠪᠣᠯᠤᠨ᠎ᠠ᠃

Turning Off Ping - Nmap ᠍ ᠤᠨ -ᠷ 0 ᠰᠣᠩᠭᠣᠯᠲᠠ ᠨᠢ ICMP ping ᠬᠠᠭᠠᠳᠠᠭ᠃ ᠬᠠᠷᠢᠨ –РТ ᠰᠣᠩᠭᠣᠯᠲᠠ ᠨᠢ ᠲᠣᠩᠰᠢᠭᠤᠯ ᠰᠡᠳᠬᠦᠯ ᠦᠨ ᠷᠧᠳᠠᠺᠼᠢ Pings ᠠᠰᠢᠭᠯᠠᠬᠤ ᠰᠣᠩᠭᠣᠯᠲᠠ ᠶᠤᠮ. Ping ᠠᠰᠢᠭᠯᠠᠬᠤ ᠦᠭᠡᠢ ᠪᠠᠶᠢᠬᠤ 2 ᠴᠢᠬᠤᠯᠠ ᠰᠢᠯᠲᠠᠭᠠᠨ ᠭᠡᠪᠡᠯ ᠲᠠ ᠶᠠᠮᠠᠷ ᠨᠢᠭᠡ ᠰᠢᠯᠭᠠᠯᠲᠠ ᠬᠢᠵᠦ ᠪᠠᠶᠢᠬᠤ ᠦᠶ᠎ᠡ ᠳᠦ ping ᠠᠰᠢᠭᠯᠠᠭᠠᠳ ᠪᠠᠶᠢᠬᠤ ᠨᠢ ᠮᠠᠰᠢ ᠶᠡᠬᠡ ᠬᠡᠮᠵᠢᠶᠡᠨ ᠦ ᠮᠡᠳᠡᠭᠡᠯᠡᠯ ᠢ ᠢᠯᠡᠭᠡᠨ᠎ᠡ ᠭᠡᠰᠡᠨ ᠦᠭᠡ᠃ ᠮᠥᠨ Nmap ᠬᠣᠣᠰᠲ ᠢ ᠰᠢᠯᠭᠠᠬᠤ ᠳᠤ ᠬᠠᠷᠢᠭᠤ ping ᠶᠠᠪᠤᠭᠤᠯᠬᠤ ᠦᠭᠡᠢ ᠪᠠᠶᠢᠬᠤ ᠦᠶ᠎ᠡ ᠳᠦ ᠠᠰᠢᠭᠯᠠᠨ᠎ᠠ᠃ -PU ᠰᠣᠩᠭᠣᠯᠲᠠ ᠨᠢ UDP ᠫᠠᠺᠸᠲ ᠢᠯᠡᠭᠡᠵᠦ ping ᠬᠢᠳᠡᠭ᠃ ᠮᠥᠨ ᠪᠤᠰᠤᠳ -PE (Standard ICMP Echo Request)᠂ -PP (ICMP Timestamp Request)᠂ -PM (Netmask Request) ᠪᠣᠯᠤᠨ –PB ᠰᠣᠩᠭᠣᠯᠲᠠ ᠨᠤᠭᠤᠳ ᠪᠠᠶᠢᠳᠠᠭ᠃

OS Fingerprinting - Nmap ᠍ ᠤᠨ -ᠣ ᠰᠣᠩᠭᠣᠯᠲᠠ ᠨᠢ ᠦᠢᠯᠡᠳᠦᠯ ᠦᠨ ᠰᠢᠰᠲ᠋ᠧᠮ ᠦᠨ ᠮᠡᠳᠡᠭᠡᠯᠡᠯ ᠢ ᠣᠯᠵᠤ ᠠᠪᠬᠤ ᠰᠣᠩᠭᠣᠯᠲᠠ ᠶᠤᠮ᠃ ᠡᠭᠦᠨ ᠳᠦ ᠲᠤᠬᠠᠢ ᠶᠢᠨ ᠰᠢᠰᠲ᠋ᠧᠮ ᠦᠨ ᠨᠡᠷ᠎ᠡ ᠬᠤᠪᠢᠯᠪᠤᠷᠢ᠂ ᠺᠧᠷᠨᠡᠯ ᠬᠤᠪᠢᠯᠪᠤᠷᠢ ᠵᠡᠷᠭᠡ ᠮᠡᠳᠡᠭᠡᠯᠡᠯ ᠦᠳ ᠢ ᠬᠠᠷᠠᠬᠤ ᠪᠣᠯᠤᠮᠵᠢ ᠲᠠᠢ᠃

Outputting Logs - Nmap ᠨᠢ -oN᠂ -oX or –oG ᠰᠣᠩᠭᠣᠯᠲᠠ ᠨᠤᠭᠤᠳ ᠳᠡᠭᠡᠷ᠎ᠡ ᠪᠦᠷᠢᠳᠬᠡᠯ ᠬᠢᠬᠦ ᠪᠣᠯᠤᠮᠵᠢ ᠪᠠᠷ ᠬᠠᠩᠭᠠᠭᠳᠠᠭᠰᠠᠨ ᠪᠠᠶᠢᠳᠠᠭ. –ᠣN ᠨᠢ ᠬᠦᠨᠳᠦ ᠰᠢᠭᠤᠳ ᠤᠩᠰᠢᠭᠳᠠᠬᠢ ᠪᠠᠷ ᠯᠣᠭ ᠭᠠᠷᠤᠯᠲᠠ ᠬᠢᠳᠡᠭ ᠪᠣᠯ оХ ᠨᠢ XML ᠯᠣᠭ ᠭᠠᠷᠤᠯᠲᠠ ᠬᠠᠷᠢᠨ –ᠣG ᠨᠢ gradable ᠯᠣᠭ ᠭᠠᠷᠤᠯᠲᠠ ᠬᠢᠳᠡᠭ. –ᠣᠠ ᠰᠣᠩᠭᠣᠯᠲᠠ ᠨᠢ 3 ᠹᠣᠷᠮᠠᠲ᠋ᠠᠷ ᠪᠤᠶᠤ ᠪᠦᠬᠦ ᠹᠣᠷᠮᠠᠲ᠋ᠠᠷ ᠨᠢ ᠯᠣᠭ ᠭᠠᠷᠭᠠᠯᠲᠠ ᠭᠠᠷᠭᠠᠳᠠᠭ᠃

ᠪᠤᠰᠤᠳ Nmap ᠍ ᠤᠨ ᠰᠣᠩᠭᠣᠯᠲᠠ ᠨᠤᠭᠤᠳ

IPv6 - Nmap ᠫᠷᠣᠭᠷᠠᠮ ᠳᠤ -6 ᠰᠣᠩᠭᠣᠯᠲᠠ ᠨᠢ IPv6 ᠫᠷᠣᠲ᠋ᠣᠺᠣᠯ ᠳᠡᠮᠵᠢᠨ ᠠᠵᠢᠯᠯᠠᠳᠠᠭ᠃

Verbose Mode- Nmap ᠫᠷᠣᠭᠷᠠᠮ ᠳᠤ -v ᠰᠢᠯᠭᠠᠯᠲᠠ ᠶᠢᠨ ᠳᠡᠯᠭᠡᠷᠡᠩᠭᠦᠢ ᠠᠵᠢᠯᠯᠠᠭ᠎ᠠ ᠶᠢ ᠬᠠᠷᠠᠭᠤᠯᠬᠤ ᠭᠣᠷᠢᠮ᠃

Resuming - ᠪᠢᠳᠡ ᠰᠢᠯᠭᠠᠯᠲᠠ ᠬᠢᠵᠦ ᠪᠠᠶᠢᠬᠤ ᠳᠤ ᠪᠠᠨ ᠴᠤᠴᠠᠯᠠᠭᠰᠠᠨ ᠺᠣᠮᠮᠠᠨᠳ ᠢ ᠰᠡᠷᠭᠦᠭᠡᠵᠦ ᠦᠭᠬᠦ ᠡᠰᠡᠪᠡᠯ ᠯᠣᠭ ᠹᠠᠶᠢᠯ ᠤᠩᠰᠢᠬᠤ ᠳᠤ ---resume ᠰᠣᠩᠭᠣᠯᠲᠠ ᠶᠢ ᠬᠡᠷᠡᠭᠯᠡᠵᠦ ᠪᠣᠯᠤᠨ᠎ᠠ᠃

Файлаас өгөгдлөө унших - -iL ᠵᠢᠭᠠᠵᠤ ᠥᠭᠭᠦᠭᠡᠳ ᠲᠤᠬᠠᠢ ᠶᠢᠨ ᠰᠢᠯᠭᠠᠬᠤ ᠭᠡᠵᠦ ᠪᠠᠶᠢᠭ᠎ᠠ ᠬᠣᠰ ᠲᠤ ᠪᠣᠯᠤᠨ ᠰᠢᠰᠲ᠋ᠧᠮ ᠦᠨ ᠣᠷᠣᠯᠲᠠ ᠶᠢᠨ ᠥᠭᠭᠦᠭᠳᠡᠯ᠎ᠡ ᠹᠠᠶᠢᠯ ᠠᠴᠠ ᠵᠢᠭᠠᠵᠤ ᠥᠭᠴᠦ ᠪᠣᠯᠤᠨ᠎ᠠ᠃

Fast Scan -F ᠰᠣᠩᠭᠣᠯᠲᠠ ᠪᠠᠷ ᠪᠦᠬᠦ ᠫᠣᠷᠲ ᠤᠳ ᠢ ᠬᠤᠷᠳᠤ ᠲᠠᠢ ᠪᠠᠷ ᠰᠢᠯᠭᠠᠳᠠᠭ ᠪᠠ ᠨᠡᠶᠢᠲᠡ 65535 ᠫᠣᠷᠲ ᠢ ᠰᠢᠯᠭᠠᠨ᠎ᠠ

Time-To-Live -ttl ᠰᠣᠩᠭᠣᠯᠲᠠ ᠪᠠᠷ IPv4 ᠫᠠᠺᠧᠲ ᠤᠨ time-to-live ᠲᠣᠬᠢᠷᠠᠭᠤᠯᠵᠤ ᠥᠭᠴᠦ ᠪᠣᠯᠤᠨ᠎ᠠ᠃

Nmap NSE

Nmap Scripting Engine (NSE) ᠨᠢ Nmap ᠍ ᠶᠢᠨ ᠬᠠᠮᠤᠭ ᠤᠨ ᠬᠦᠴᠦᠷᠬᠡᠭ᠂ ᠤᠶᠠᠨ ᠬᠠᠲᠠᠨ ᠬᠡᠰᠡᠭ ᠶᠤᠮ᠃ ᠡᠨᠡ ᠨᠢ ᠬᠡᠷᠡᠭᠯᠡᠭᠴᠢᠳ ᠲᠦ ᠰᠦᠯᠵᠢᠶᠡᠨ ᠦ ᠲᠠᠰᠺ ᠤᠳ ᠢ ᠥᠷᠭᠡᠨ ᠴᠠᠷ᠎ᠠ ᠬᠦᠷᠢᠶ᠎ᠡ ᠲᠡᠢ ᠠᠦ᠋ᠲ᠋ᠣᠮᠠᠲᠵᠢᠭᠤᠯᠤᠨ ᠠᠰᠢᠭᠯᠠᠬᠤ ᠪᠣᠯᠤᠮᠵᠢ ᠶᠢ ᠣᠯᠭᠤᠳᠠᠭ. Nmap ᠍ ᠠᠴᠠ ᠭᠠᠳᠠᠨ᠎ᠠ ᠲᠡᠳᠡᠭᠡᠷ ᠰᠺᠷᠢᠫᠲ ᠦᠳ ᠨᠢ ᠬᠤᠷᠳᠤᠨ ᠪᠥᠭᠡᠳ ᠦᠷ᠎ᠡ ᠠᠰᠢᠭ ᠲᠠᠢ᠂ ᠫᠠᠷᠠᠯᠧᠯ ᠭᠣᠷᠢᠮ ᠢᠶᠠᠷ ᠠᠵᠢᠯᠯᠠᠳᠠᠭ ᠪᠠᠶᠢᠨ᠎ᠠ᠃ ᠬᠡᠷᠡᠭᠯᠡᠭᠴᠢ ᠰᠺᠷᠢᠫᠲ ᠦᠳ ᠢ ᠰᠢᠭᠤᠳ ᠠᠰᠢᠭᠯᠠᠬᠤ ᠪᠣᠯᠤᠨ ᠥᠪᠡᠷᠰᠡᠳ ᠦᠨ ᠬᠡᠷᠡᠭᠴᠡᠭᠡᠨ ᠳᠦ ᠲᠣᠬᠢᠷᠠᠭᠤᠯᠤᠨ ᠥᠭᠡᠷᠡᠴᠢᠯᠡᠬᠦ ᠮᠥᠨ ᠬᠥᠭᠵᠢᠭᠦᠯᠦᠨ ᠠᠰᠢᠭᠯᠠᠬᠤ ᠪᠣᠯᠤᠮᠵᠢ ᠲᠠᠢ ᠶᠤᠮ᠃

Nmap ᠫᠷᠣᠭᠷᠠᠮ ᠢ ᠠᠰᠢᠭᠯᠠᠬᠤ ᠵᠢᠱᠢᠶ᠎ᠡ

1᠃ ᠳᠤᠷ᠎ᠠ ᠶᠢᠨ ᠨᠢᠭᠡ ᠬᠣᠣᠰ ᠲᠤ ᠡᠰᠡᠪᠡᠯ ip ᠬᠠᠶ᠋ᠢᠭ ᠢ ᠰᠢᠯᠭᠠᠬᠤ (IPv4)

# nmap google.com

# nmap 192.168.56.101

ᠡᠩ ᠦᠨ ᠭᠠᠷᠤᠯᠲᠠ᠄

4.PNG

2᠃ ᠬᠡᠳᠦ ᠬᠡᠳᠦᠨ IP ᠬᠠᠶᠠᠭ ᠡᠰᠡᠪᠡᠯ subnet ᠰᠢᠯᠭᠠᠯᠲᠠ ᠬᠢᠬᠦ

# nmap 192.168.1.1 192.168.1.2 192.168.1.3 
# nmap 192.168.1.0/24
# nmap 192.168.1.1,2,3
# nmap 192.168.1.1-10

ᠮᠥᠨ wildcard ᠪᠤᠶᠤ ‍ ᠠᠰᠢᠭᠯᠠᠨ ᠪᠣᠯᠤᠮᠵᠢᠲᠤ ᠪᠦᠬᠦ ᠤᠳᠬ᠎ᠠ ᠶᠢ ᠰᠢᠯᠭᠠᠨ᠎ᠠ

# nmap 192.168.56.*

ᠡᠩ ᠦᠨ ᠭᠠᠷᠤᠯᠲᠠ᠄

5.PNG

3᠃ ᠹᠠᠶᠢᠯ ᠳᠤ ᠪᠢᠴᠢᠭᠳᠡᠭᠰᠡᠨ ᠬᠣᠣᠰᠲ ᠤᠳ ᠢ ᠤᠩᠰᠢᠵᠤ ᠰᠢᠯᠭᠠᠬᠤ (IPv4)

ᠲᠤᠬᠠᠢ ᠹᠠᠶᠢᠯ ᠳᠤ nmap ᠫᠷᠣᠭᠷᠠᠮ ᠤᠨ ᠤᠩᠰᠢᠭᠳᠠᠬᠤ ᠹᠣᠷᠮᠠᠲ᠋ᠠᠷ ᠮᠥᠷ ᠮᠥᠷ ᠢᠶᠡᠷ ᠨᠢ ᠳᠠᠷᠠᠭᠠᠯᠠᠭᠤᠯᠤᠨ ᠪᠢᠴᠢᠨ᠎ᠡ᠃

# nmap –iL hostlist.txt 

ᠡᠩ ᠦᠨ ᠭᠠᠷᠤᠯᠲᠠ᠄

6.PNG

4᠃ ᠬᠣᠰ ᠲᠤ ᠡᠰᠡᠪᠡᠯ ᠰᠦᠯᠵᠢᠶ᠎ᠡ ᠨᠢ ᠭᠠᠯ ᠳᠤ ᠬᠠᠨ᠎ᠠ ᠪᠠᠷ ᠬᠠᠮᠠᠭᠠᠯᠠᠭᠳᠠᠭᠰᠠᠨ ᠡᠰᠡᠬᠦ ᠶᠢ ᠰᠢᠯᠭᠠᠬᠤ

# nmap –sA 192.168.1.1
  1. ᠰᠦᠯᠵᠢᠶᠡᠨ ᠳᠦ ᠠᠵᠢᠯᠯᠠᠵᠤ ᠪᠠᠶᠢᠭ᠎ᠠ ᠰᠧᠷᠸᠧᠷ ᠪᠣᠯᠤᠨ ᠲᠥᠬᠦᠭᠡᠷᠦᠮᠵᠢ ᠶᠢ ᠰᠢᠯᠭᠠᠬᠤ

    nmap –sP 192.168.1.0/24

  2. ᠰᠢᠭᠤᠷᠬᠠᠢ ᠰᠢᠯᠭᠠᠯᠲᠠ ᠬᠢᠬᠦ

    nmap –F 192.168.1.1

  3. ᠲᠤᠰᠬᠠᠶᠢᠯᠠᠨ ᠰᠣᠩᠭᠣᠭᠰᠠᠨ ᠫᠣᠷ ᠲᠤ ᠳᠡᠭᠡᠷᠡᠬᠢ ᠰᠢᠯᠭᠠᠯᠲᠠ ᠬᠢᠬᠦ

80 ᠫᠣᠷᠲ ᠢ ᠰᠢᠯᠭᠠᠬᠤ

# nmap  -p 80 192.168.56.101

80 ᠫᠣᠷᠲ ᠤᠨ TCP ᠫᠷᠣᠲ᠋ᠣᠺᠣᠯ ᠰᠢᠯᠭᠠᠬᠤ

# nmap –p T:80 192.168.56.101

ᠬᠡᠳᠦ ᠬᠡᠳᠦᠨ ᠫᠣᠷᠲ ᠢ ᠵᠡᠷᠭᠡ ᠰᠢᠯᠭᠠᠬᠤ

# nmap –p 80,22 192.168.56.101

ᠡᠩ ᠦᠨ ᠭᠠᠷᠤᠯᠲᠠ᠄

7.PNG

  1. ᠲᠤᠬᠠᠢ ᠶᠢᠨ ᠫᠣᠷ ᠲᠤ ᠳᠡᠭᠡᠷ᠎ᠡ ᠠᠵᠢᠯᠯᠠᠵᠤ ᠪᠤᠢ ᠦᠢᠯᠡᠴᠢᠯᠡᠭᠡᠨ ᠦ ᠬᠤᠪᠢᠯᠪᠤᠷᠢ ᠶᠢ ᠢᠯᠡᠷᠡᠭᠦᠯᠬᠦ

    nmap –sV 192.168.56.101

ᠡᠩ ᠦᠨ ᠭᠠᠷᠤᠯᠲᠠ᠄

8.PNG

  1. UDP ᠰᠢᠯᠭᠠᠯᠲᠠ ᠬᠢᠬᠦ

    nmap –sU 192.168.56.101

  2. ᠰᠢᠯᠭᠠᠯᠲᠠ ᠶᠢᠨ ᠭᠠᠷᠤᠯᠲᠠ ᠶᠢ ᠹᠠᠶᠢᠯ ᠳᠤ ᠪᠢᠴᠢᠬᠦ

    nmap 192.168.56.101 > output.txt

    nmap –oN output.txt 192.168.56.101

  3. NSE ᠰᠺᠷᠢᠫ ᠲᠦ ᠠᠰᠢᠭᠯᠠᠨ ᠰᠢᠯᠭᠠᠯᠲᠠ ᠬᠢᠬᠦ

NSE ᠦᠨᠳᠦᠰᠦᠨ ᠰᠺᠷᠢᠫ ᠲᠦ ᠰᠠᠩ ᠨᠢ /usr/share/nmap/scripts ᠬᠠᠪᠲᠠᠰᠤᠨ ᠳᠤ ᠪᠠᠶᠢᠬᠤ ᠪᠥᠭᠡᠳ ᠲᠠ ᠥᠪᠡᠷ ᠦᠨ ᠬᠦᠰᠡᠭᠰᠡᠨ ᠰᠺᠷᠢᠫ ᠲᠦ ᠪᠡᠨ ᠬᠥᠭᠵᠢᠭᠦᠯᠦᠨ ᠠᠰᠢᠭᠯᠠᠬᠤ ᠪᠣᠯᠤᠮᠵᠢ ᠲᠠᠢ ᠶᠤᠮ.

9.PNG

ᠡᠳᠡᠭᠡᠷ ᠰᠺᠷᠢᠫᠲ ᠦᠳ ᠢ ᠠᠰᠢᠭᠯᠠᠬᠤ ᠶᠢᠨ ᠲᠤᠯᠠᠳᠠ --script=script᠎name ᠰᠣᠩᠭᠣᠯᠲᠠ ᠶᠢ ᠨᠡᠮᠡᠵᠦ ᠥᠭᠭᠦᠨ᠎ᠡ᠃

ᠮᠥᠨ –script-help=script᠎name ᠰᠣᠩᠭᠣᠯᠲᠠ ᠪᠠᠷ ᠲᠤᠬᠠᠢ ᠶᠢᠨ ᠰᠺᠷᠢᠫᠲᠦ ᠶᠢᠨ ᠲᠠᠯᠠᠭᠠᠷᠬᠢ ᠮᠡᠳᠡᠭᠡᠯᠡᠯ ᠢ ᠠᠪᠴᠤ ᠪᠣᠯᠤᠨ᠎ᠠ᠃

ᠡᠩ ᠦᠨ ᠭᠠᠷᠤᠯᠲᠠ᠄

10.PNG

ssh-hostkey ᠰᠺᠷᠢᠫᠲ ᠢ ᠠᠰᠢᠭᠯᠠᠭᠰᠠᠨ ᠪᠠᠶᠢᠳᠠᠯ

ᠡᠩ ᠦᠨ ᠭᠠᠷᠤᠯᠲᠠ᠄

11.PNG

ᠡᠭᠦᠨ ᠡᠴᠡ ᠳ᠋ᠦᠩᠨᠡᠬᠦ ᠳᠦ Nmap ᠫᠷᠣᠭᠷᠠᠮ ᠨᠢ ᠡᠩ ᠦᠨ ᠪᠥᠭᠡᠳ ᠤᠶᠠᠨ ᠬᠠᠲᠠᠨ ᠪᠢᠴᠢᠭᠯᠡᠯ ᠲᠡᠢ ᠺᠣᠮᠠᠨᠳ ᠢ ᠠᠰᠢᠭᠯᠠᠨ ᠲᠤᠬᠠᠢ ᠶᠢᠨ ᠬᠣᠣᠰ ᠲᠤ ᠡᠰᠡᠪᠡᠯ ᠰᠦᠯᠵᠢᠶᠡᠨ ᠦ ᠲᠠᠯ᠎ᠠ ᠪᠠᠷ ᠢᠯᠡᠭᠦᠦ ᠳᠡᠯᠭᠡᠷᠡᠩᠭᠦᠢ ᠮᠡᠳᠡᠭᠡᠯᠡᠯ ᠢ ᠴᠤᠭᠯᠠᠭᠤᠯᠬᠤ ᠴᠢᠨᠠᠭᠰᠢᠯᠠᠭᠠᠳ ᠨᠡᠮᠡᠯᠲᠡ 《nse》 ᠰᠺᠷᠢᠫ ᠲᠦ ᠰᠠᠩ ᠢ ᠠᠰᠢᠭᠯᠠᠨ ᠲᠤᠬᠠᠢ ᠶᠢᠨ ᠮᠡᠳᠡᠭᠡᠯᠡᠯ ᠳᠡᠭᠡᠷ᠎ᠡ ᠪᠡᠨ ᠲᠤᠯᠭᠠᠭᠤᠷᠢᠯᠠᠨ ᠠᠶᠤᠯ ᠦᠭᠡᠢ ᠪᠠᠶᠢᠳᠠᠯ ᠤᠨ ᠰᠢᠯᠭᠠᠯᠲᠠ ᠶᠢ ᠬᠢᠬᠦ ᠪᠣᠯᠤᠮᠵᠢ ᠲᠠᠢ ᠨᠡᠭᠡᠭᠡᠯᠲᠡ ᠲᠡᠢ ᠡᠬᠡ ᠶᠢᠨ ᠫᠷᠣᠭᠷᠠᠮ ᠬᠠᠩᠭᠠᠮᠵᠢ ᠶᠤᠮ᠃

ᠬᠡᠷᠡᠭᠴᠡᠭᠡ ᠳᠦ ᠬᠣᠯᠪᠣᠭᠠᠰᠤ᠄

https://nmap.org