ᠦᠨᠳᠦᠰᠦᠨ ᠦ ᠳ᠋ᠠᠲ᠋ᠠ ᠲᠥᠪ

《ᠬᠠᠷᠠᠭᠤᠯ ᠵᠠᠩᠭᠢ – 2016》 ᠴᠠᠬᠢᠮ ᠠᠶᠤᠯ ᠦᠭᠡᠢ ᠪᠠᠶᠢᠳᠠᠯ ᠤᠨ ᠲᠡᠮᠡᠴᠡᠭᠡᠨ ᠦ ᠠᠪᠤᠷᠭᠤ ᠲᠣᠳᠣᠷᠠᠯ᠎ᠠ

ᠣᠯᠠᠨ ᠨᠡᠶᠢᠲᠡ ᠳᠦ ᠮᠡᠳᠡᠭᠡᠯᠡᠯ ᠦᠨ ᠠᠶᠤᠯ ᠦᠭᠡᠢ ᠪᠠᠶᠢᠳᠠᠯ ᠤᠨ ᠲᠠᠯᠠᠭᠠᠷᠬᠢ ᠦᠨᠡᠨ ᠵᠥᠪ᠂ ᠪᠣᠳᠠᠲᠠᠢ ᠣᠶᠢᠯᠠᠭᠠᠯᠲᠠ᠂ ᠮᠡᠳᠡᠯᠭᠡ ᠶᠢ ᠪᠤᠢ ᠪᠣᠯᠭᠠᠬᠤ᠂ ᠲᠥᠯᠥᠪᠯᠦᠰᠢᠭᠦᠯᠬᠦ᠂ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ 《TRIDIUM》 ХХК᠂ MNCERT/CC᠂ 《ᠦᠨᠳᠦᠰᠦᠨ ᠦ ᠳᠠᠲ᠋ᠠ ᠲᠥᠪ》 ᠤᠲᠦᠭ ᠬᠠᠮᠲᠤᠷᠠᠨ ᠵᠣᠬᠢᠶᠠᠨ ᠪᠠᠶᠢᠭᠤᠯᠤᠭᠰᠠᠨ ᠴᠠᠬᠢᠮ ᠠᠶᠤᠯ ᠦᠭᠡᠢ ᠪᠠᠶᠢᠳᠠᠯ ᠤᠨ 《ᠬᠠᠷᠠᠭᠤᠯ ᠵᠠᠩᠭᠢ-2016》 ᠲᠡᠮᠡᠴᠡᠭᠡᠨ 2016 ᠣᠨ ᠤ 09 ᠳᠦᠭᠡᠷ ᠰᠠᠷ᠎ᠠ ᠶᠢᠨ 16 -29 –ᠨᠢᠭᠢ ᠡᠳᠦᠷ ᠦᠳ ᠲᠦ ᠠᠮᠵᠢᠯᠲᠠ ᠲᠠᠢ ᠶᠠᠪᠤᠭᠳᠠᠵᠤ ᠥᠨᠳᠥᠷᠯᠡᠯ᠎ᠡ᠃

ᠴᠠᠬᠢᠮ ᠠᠶᠤᠯ ᠦᠭᠡᠢ ᠪᠠᠶᠢᠳᠠᠯ ᠤᠨ 《ᠬᠠᠷᠠᠭᠤᠯ ᠵᠠᠩᠭᠢ – 2016》 ᠲᠡᠮᠡᠴᠡᠭᠡᠨ ᠳᠦ ᠨᠡᠶᠢᠲᠡ 174 ᠪᠠᠭ ᠮᠡᠳᠡᠯᠭᠡ ᠣᠶᠤᠨ᠂ ᠠᠪᠢᠶᠠᠰ ᠴᠢᠳᠠᠪᠤᠷᠢ ᠪᠠᠨ ᠰᠣᠷᠢᠨ ᠭᠤᠷᠪᠠᠨ ᠦᠶ᠎ᠡ ᠶᠢᠨ ᠲᠤᠷᠰᠢ ᠬᠠᠰᠤᠭᠳᠠᠬᠤ ᠵᠢᠷᠤᠮ ᠢᠶᠠᠷ ᠥᠷᠢᠰᠦᠯᠳᠦᠭᠰᠡᠨ ᠡᠴᠡ ᠰᠢᠯᠭᠠᠷᠴᠢ ᠦᠯᠡᠳᠡᠭᠰᠡᠨ ᠰᠢᠯᠢᠳᠡᠭ 10 ᠪᠠᠭ 2016 ᠣᠨ ᠤ 09 ᠳᠦᠭᠡᠷ ᠰᠠᠷ᠎ᠠ ᠶᠢᠨ 29 –ᠨᠢᠭᠢ ᠡᠳᠦᠷ ᠴᠠᠬᠢᠮ ᠠᠶᠤᠯ ᠦᠭᠡᠢ ᠪᠠᠶᠢᠳᠠᠯ ᠤᠨ 《MNSEC-2016》 ᠠᠭᠤᠯᠵᠠᠯᠲᠠ ᠡᠳᠦᠷᠯᠢᠭ ᠦᠨ ᠦᠶ᠎ᠡ ᠪᠡᠷ 《The Corporate hotel ᠊ convention center》 EVENT HALL –ᠳ ᠲᠡᠮᠡᠴᠡᠭᠡᠨ ᠦ ᠡᠴᠦᠰ ᠦᠨ ᠱᠠᠲᠤᠨ ᠳᠤ ᠥᠷᠢᠰᠦᠯᠳᠦᠵᠦ ᠠᠪᠤᠷᠭᠤ ᠪᠠᠨ ᠰᠢᠯᠭᠠᠷᠠᠭᠤᠯᠤᠯ᠎ᠠ᠃

ᠡᠨᠡᠬᠦ ᠲᠡᠮᠡᠴᠡᠭᠡᠨ ᠨᠢ ᠣᠷᠣᠯᠴᠠᠭᠴᠢᠳ ᠤᠨ ᠴᠠᠬᠢᠮ ᠮᠡᠳᠡᠭᠡᠯᠡᠯ ᠦᠨ ᠠᠶᠤᠯ ᠦᠭᠡᠢ ᠪᠠᠶᠢᠳᠠᠯ ᠤᠨ ᠲᠠᠯᠠᠭᠠᠷᠬᠢ ᠮᠡᠳᠡᠯᠭᠡ ᠴᠢᠳᠠᠪᠤᠷᠢ ᠶᠢ ᠠᠬᠢᠭᠤᠯᠬᠤ᠂ ᠢᠯᠡᠭᠦᠦ ᠶᠡᠬᠡ ᠶᠢ ᠡᠷᠢᠯᠬᠢᠯᠡᠨ ᠰᠤᠷᠤᠯᠴᠠᠬᠤ ᠵᠡᠷᠭᠡ ᠣᠶᠢᠯᠠᠭᠠᠯᠲᠠ᠂ ᠮᠡᠳᠡᠭᠡᠯᠡᠯ ᠢ ᠥᠭᠬᠦ ᠵᠣᠷᠢᠯᠭ᠎ᠠ ᠪᠠᠷ 《ᠫᠷᠠᠺᠲ᠋ᠢᠭ ᠠᠵᠢᠯᠯᠠᠭ᠎ᠠ᠂ ᠴᠠᠬᠢᠮ ᠬᠠᠯᠳᠠᠯᠭ᠎ᠠ᠂ ᠮᠡᠳᠡᠭᠡᠯᠡᠯ ᠢ ᠰᠢᠨᠵᠢᠯᠡᠬᠦ》 ᠭᠡᠰᠡᠨ 3 ᠲᠥᠷᠥᠯ ᠦᠨ ᠳᠠᠭᠠᠭᠠᠯᠭᠠᠪᠤᠷᠢ ᠥᠭᠭᠦᠭᠳᠡᠭᠰᠡᠨ ᠡᠴᠡ ᠲᠤᠰ ᠲᠡᠮᠡᠴᠡᠭᠡᠨ ᠳᠦ 《GC》 ᠪᠠᠭ 1315 ᠣᠨᠣᠭ᠎ᠠ ᠪᠠᠷ ᠲᠡᠷᠢᠭᠦᠨ ᠪᠠᠶᠢᠷᠢ᠂ 《Retards》 ᠪᠠᠭ 1054 ᠣᠨᠣᠭ᠎ᠠ ᠪᠠᠷ ᠳᠡᠳ᠋ ᠪᠠᠶᠢᠷᠢ᠂ 《Unimedia》 ᠪᠠᠭ 945 ᠣᠨᠣᠭᠣ ᠪᠠᠷ ᠭᠤᠷᠪᠠᠳᠤᠭᠠᠷ ᠪᠠᠶᠢᠷᠢ ᠳᠤ ᠲᠤᠰ ᠲᠤᠰ ᠰᠢᠯᠭᠠᠷᠠᠯ᠎ᠠ᠃  

I ᠪᠠᠶᠢᠷᠢ - 《GC》 ᠪᠠᠭ /ᠡᠷᠭᠦᠮᠵᠢᠯᠡᠯ᠂ 1᠂5 ᠰᠠᠶ᠎ᠠ ᠲᠥᠭᠥᠷᠢᠭ᠂ 《ᠲᠷᠢᠳᠤᠮ》 ᠬᠬᠺ –ᠡᠶᠢᠨ ᠭᠠᠷ ᠤᠨ ᠪᠡᠯᠡᠭ/

II ᠪᠠᠶᠢᠷᠢ -《Retards》 ᠪᠠᠭ /ᠡᠷᠭᠦᠮᠵᠢᠯᠡᠯ᠂ 1 ᠰᠠᠶ᠎ᠠ ᠲᠥᠭᠥᠷᠢᠭ᠂ 《ᠲᠷᠢᠳᠤᠮ》 ᠬᠬᠺ – ᠡᠶᠢᠨ ᠭᠠᠷ ᠤᠨ ᠪᠡᠯᠡᠭ/

III ᠪᠠᠶᠢᠷᠢ - 《Unimedia》 ᠪᠠᠭ /ᠡᠷᠭᠦᠮᠵᠢᠯᠡᠯ᠂ 500 ᠮᠢᠩᠭᠠᠨ ᠲᠥᠭᠥᠷᠢᠭ᠂ 《ᠲᠷᠢᠳᠤᠮ》 ᠬᠬᠺ – ᠡᠶᠢᠨ ᠭᠠᠷ ᠤᠨ ᠪᠡᠯᠡᠭ/

IV ᠪᠠᠶᠢᠷᠢ - 《#SaveMazaalai》 ᠪᠠᠭ /ᠴᠶᠥᠭ ᠤᠨ ᠴᠭᠬᠳᠬ –ᠡᠶᠢᠨ ᠪᠠᠲᠤᠯᠠᠮᠵᠢ᠂ ᠭᠠᠷ ᠤᠨ ᠪᠡᠯᠡᠭ/

ᠲᠡᠮᠡᠴᠡᠭᠡᠨ ᠦ ᠡᠴᠦᠰ ᠦᠨ ᠱᠠᠲᠤᠨ ᠳᠤ ᠪᠠᠭ ᠤᠳ ᠤᠨ ᠪᠠᠶᠢᠷᠢ ᠡᠵᠡᠯᠡᠭᠰᠡᠨ ᠪᠠᠶᠢᠳᠠᠯ᠄