ᠮᠲᠦᠫ ᠠᠴᠠ 2016.02.18 ᠍ ᠤ ᠡᠳᠦᠷ 《Pitch Day Competition》 ᠪᠤᠶᠤ ᠫᠢᠴ ᠲᠡᠮᠡᠴᠡᠭᠡᠨ ᠢ ᠵᠣᠬᠢᠶᠠᠨ ᠪᠠᠶᠢᠭᠤᠯᠤᠯ᠎ᠠ᠃
ᠲᠤᠰ ᠲᠡᠮᠡᠴᠡᠭᠡᠨ ᠨᠢ ᠵᠠᠯᠠᠭᠤ ᠡᠩᠲᠷᠧᠫᠶᠣᠨᠧᠷ ᠤᠳ ᠲᠤ ᠥᠪᠡᠷ ᠦᠨ ᠢᠶᠡᠨ ᠰᠲ᠋ᠠᠲ᠋ᠠᠫ ᠪᠤᠶᠤ ᠭᠠᠷᠠᠭᠠᠨ ᠤ ᠪᠢᠽᠢᠨ᠋ᠧᠰ ᠲᠦ ᠪᠡᠨ ᠬᠠᠮᠲᠤᠷᠠᠭᠴᠢ᠂ ᠲᠦᠩᠰᠢ᠂ ᠬᠥᠷᠥᠩᠭᠡ ᠣᠷᠣᠭᠤᠯᠤᠭᠴᠢ ᠬᠠᠶᠢᠵᠤ ᠲᠠᠨᠢᠯᠴᠠᠭᠤᠯᠬᠤ ᠪᠤᠶᠤ ᠨᠠᠶᠢᠷ ᠢᠶᠠᠨ ᠬᠢᠬᠦ᠂ ᠬᠢᠭᠰᠡᠨ ᠨᠠᠶᠢᠷᠠᠨ ᠳᠤ ᠪᠠᠨ ᠲᠤᠷᠰᠢᠯᠭ᠎ᠠ ᠲᠠᠢ ᠪᠢᠽᠢᠨ᠋ᠧᠰ ᠡᠷᠬᠢᠯᠡᠭᠴᠢ ᠡᠩᠲᠦᠷᠫᠷᠧᠨ᠋ᠢᠷ᠂ ᠬᠥᠷᠥᠩᠭᠡ ᠣᠷᠣᠭᠤᠯᠤᠭᠴᠢ᠂ ᠮᠧᠨᠧᠵᠧᠷ᠂ ᠢᠨᠵᠧᠨᠧᠷ ᠰᠢᠭᠦᠭᠴᠢᠳ ᠡᠴᠡ ᠰᠠᠨᠠᠯ ᠰᠢᠭᠦᠮᠵᠢ ᠰᠤᠨᠤᠰᠬᠤ᠂ ᠪᠤᠰᠤᠳ ᠠᠴᠠ ᠰᠤᠷᠤᠯᠴᠠᠬᠤ᠂ ᠲᠠᠨᠢᠯ ᠤᠨ ᠬᠦᠷ᠎ᠡ ᠪᠡᠨ ᠥᠷᠭᠡᠵᠢᠭᠦᠯᠬᠦ ᠳᠦ ᠨᠢ ᠲᠤᠰᠯᠠᠬᠤ ᠵᠣᠷᠢᠯᠭ᠎ᠠ ᠲᠠᠢ ᠶᠤᠮ᠃
СС-5
ᠡᠨᠡ ᠤᠳᠠᠭ᠎ᠠ ᠶᠢᠨ ᠠᠷᠭ᠎ᠠ ᠬᠡᠮᠵᠢᠶᠡᠨ ᠳᠦ ᠢᠨᠺᠦᠶᠢᠪᠠᠲ᠋ᠤᠷ ᠤᠨ ᠨᠡᠶᠢᠲᠡ 5 ᠭᠠᠷᠠᠭᠠᠨ ᠤ ᠺᠣᠮᠫᠠᠨᠢ ᠣᠷᠣᠯᠴᠠᠭᠰᠠᠨ ᠶᠤᠮ᠃
2 ᠮᠢᠨᠦ᠋ᠲᠤᠨ ᠳᠤ ᠪᠠᠭᠲᠠᠭᠠᠨ ᠥᠪᠡᠷᠰᠡᠳ ᠦᠨ ᠰᠢᠨ᠎ᠡ ᠰᠠᠨᠠᠭ᠎ᠠ ᠪᠠᠨ ᠲᠠᠨᠢᠯᠴᠠᠭᠤᠯᠤᠨ ᠰᠢᠭᠦᠭᠴᠢᠳ ᠦᠨ ᠠᠰᠠᠭᠤᠯᠲᠠᠨ ᠳᠤ ᠬᠠᠷᠢᠭᠤᠯᠤᠭᠰᠠᠨ ᠪᠠ 1 ᠍ ᠳᠤᠭᠠᠷ ᠪᠠᠶᠢᠷᠢ 《ᠮᠠᠷᠴᠢᠶᠠᠬᠠᠢ》 ᠬᠬᠺ᠂ 2 ᠍ ᠳᠤᠭᠠᠷ ᠪᠠᠶᠢᠷᠢ 《ᠮᠢᠷᠢᠮ》 ᠬᠬᠺ ᠡᠵᠡᠯᠡᠯ᠎ᠡ᠃
ᠤᠭ ᠠᠷᠭ᠎ᠠ ᠬᠡᠮᠵᠢᠶ᠎ᠡ ᠶᠢ МТҮП ᠍ ᠠᠴᠠ ᠰᠠᠷ᠎ᠠ ᠪᠦᠷᠢ ᠵᠣᠬᠢᠶᠠᠨ ᠪᠠᠶᠢᠭᠤᠯᠬᠤ ᠪᠥᠭᠡᠳ ᠬᠡᠷᠬᠢᠨ ᠣᠷᠣᠯᠴᠠᠬᠤ ᠲᠠᠯ᠎ᠠ ᠪᠠᠷ ᠳᠡᠯᠭᠡᠷᠡᠩᠭᠦᠢ ᠮᠡᠳᠡᠭᠡᠯᠡᠯ ᠢ ᠲᠤᠬᠠᠢ ᠪᠦᠷ ᠬᠦᠷᠭᠡᠬᠦ ᠪᠣᠯᠤᠨ᠎ᠠ᠃