ᠦᠨᠳᠦᠰᠦᠨ ᠦ ᠳ᠋ᠠᠲ᠋ᠠ ᠲᠥᠪ

《ᠰᠢᠯᠢᠺᠶᠣᠨ ᠸᠠᠯᠯᠧᠢ ᠳᠦ 60 ᠬᠣᠨᠣᠭ》 ᠴᠢᠯᠦᠭᠡᠲᠦ ᠶᠠᠷᠢᠯᠴᠠᠯᠭ᠎ᠠ ᠪᠣᠯᠤᠯ᠎ᠠ

ᠮᠲᠦᠫ ᠠᠴᠠ ᠰᠢᠯᠢᠺᠶᠣᠨ ᠸᠠᠯᠯᠧᠢ ᠳᠤ 60 ᠬᠣᠨᠣᠭ ᠰᠤᠷᠤᠯᠴᠠᠭᠰᠠᠨ ᠲᠤᠷᠰᠢᠯᠭ᠎ᠠ᠂ ᠣᠯᠠᠨ ᠤᠯᠤᠰ ᠤᠨ ᠵᠠᠬ᠎ᠠ ᠵᠡᠭᠡᠯᠢ ᠳᠦ ᠭᠠᠷᠬᠤ ᠳᠤ ᠠᠩᠬᠠᠷᠬᠤ ᠵᠦᠢᠯᠡᠰ᠂ ᠬᠠᠤᠯᠢ ᠡᠷᠬᠡ ᠵᠦᠢ ᠶᠢᠨ ᠣᠷᠴᠢᠨ᠂ ᠬᠥᠷᠥᠩᠭᠡ ᠣᠷᠣᠭᠤᠯᠤᠯᠲᠠ ᠶᠢ ᠲᠠᠲᠠᠬᠤ ᠠᠷᠭ᠎ᠠ ᠵᠠᠮ ᠤᠳ ᠤᠨ ᠲᠠᠯ᠎ᠠ ᠪᠠᠷ ᠲᠠᠨᠢᠯᠴᠠᠭᠤᠯᠤᠨ ᠰᠠᠨᠠᠯ ᠪᠣᠳᠣᠯ ᠢᠶᠠᠨ ᠰᠤᠯᠢᠯᠴᠠᠬᠤ ᠵᠣᠷᠢᠯᠭ᠎ᠠ ᠪᠠᠷ 《ᠰᠢᠯᠢᠺᠶᠣᠨ ᠸᠠᠯᠯᠧᠢ ᠳᠦ 60 ᠬᠣᠨᠣᠭ》 ᠴᠢᠯᠦᠭᠡᠲᠦ ᠶᠠᠷᠢᠯᠴᠠᠯᠭ᠎ᠠ ᠠᠷᠭ᠎ᠠ ᠬᠡᠮᠵᠢᠶ᠎ᠡ ᠶᠢ 2016.02.18 ᠍ ᠤ ᠡᠳᠦᠷ ᠵᠣᠬᠢᠶᠠᠨ ᠪᠠᠶᠢᠭᠤᠯᠤᠭᠰᠠᠨ ᠪᠠ ᠲᠤᠰ ᠠᠷᠭ᠎ᠠ ᠬᠡᠮᠵᠢᠶᠡᠨ ᠳᠦ ᠮᠲ᠋ᠰᠬᠬᠭ ᠤᠨ ᠳᠠᠷᠤᠭ᠎ᠠ ᠼ ∙ ᠵᠠᠳᠠᠮᠪᠠ ᠪᠠᠨ᠂ ᠮᠲᠦᠫ ᠤᠨ ᠶᠡᠷᠦᠩᠬᠡᠢ ᠵᠠᠬᠢᠷᠤᠯ ᠪ ∙ ᠪᠤᠶᠠᠨ-ᠥᠯᠵᠡᠢ᠂ ᠮᠲ᠋ᠰᠬᠬᠭ ᠤᠨ ᠮᠡᠳᠡᠭᠡᠯᠡᠯ ᠦᠨ ᠲᠧᠭᠨᠣᠯᠣᠭᠢ ᠶᠢᠨ ᠬᠡᠯᠲᠡᠰ ᠦᠨ ᠳᠠᠷᠤᠭ᠎ᠠ ᠼ ∙ ᠣᠶᠤᠨ᠂ ᠪᠰᠱᠤᠶᠠ ᠤ ᠰᠪᠪᠬ ᠦᠨ ᠳᠠᠷᠤᠭ᠎ᠠ ᠪ ∙ ᠭᠠᠩᠲᠤᠯᠭ᠎ᠠ᠂ ᠮ ᠳᠤ ᠦᠨ ᠰᠠᠯᠪᠤᠷᠢ ᠶᠢᠨ ᠮᠡᠷᠭᠡᠵᠢᠯᠲᠡᠨ ᠨᠦᠭᠦᠳ᠂ ᠢᠨᠵᠧᠨᠧᠷ ᠫᠷᠣᠭᠷᠠᠮᠢᠰᠲ ᠤᠳ᠂ ᠣᠶᠤᠲᠠᠨ ᠵᠠᠯᠠᠭᠤᠰ᠂ ᠵᠠᠯᠠᠭᠤ ᠡᠩᠲᠷᠧᠫᠶᠣᠨᠧᠷ ᠤᠳ᠂ ᠭᠠᠷᠠᠭᠠᠨ ᠤ ᠺᠣᠮᠫᠠᠨᠢ ᠨᠤᠭᠤᠳ ᠤᠨ ᠲᠥᠯᠥᠭᠡᠯᠡᠯ ᠦᠳ ᠵᠡᠷᠭᠡ ᠨᠡᠶᠢᠲᠡ 120 ᠣᠷᠴᠢᠮ ᠵᠠᠯᠠᠭᠤᠰ ᠬᠦᠷᠦᠯᠴᠡᠨ ᠢᠷᠡᠭᠰᠡᠨ ᠶᠤᠮ᠃ ᠤᠰ ᠬᠦᠷᠦᠯᠴᠡᠨ ᠢᠷᠡᠭᠰᠡᠨ ᠶᠤᠮ᠃

ᠠᠯᠺᠧᠮᠢᠰ ᠲᠤ ᠲᠧᠭᠨᠣᠯᠣᠵᠢᠰ ᠪᠠᠭ ᠤᠨ ᠬᠢᠨ ᠰᠢᠯᠢᠺᠶᠣᠨ ᠸᠠᠯᠯᠧᠢ ᠳᠤ 《USBC Concordia Ventures》 ᠍ ᠦᠨ 《Accelerator》 ᠪᠤᠶᠤ ᠭᠠᠷᠠᠭᠠᠨ ᠤ ᠪᠢᠽᠢᠨ᠋ᠧᠰ ᠦᠨ ᠬᠤᠷᠳᠤᠰᠬᠠᠭᠤᠷ ᠬᠥᠲᠥᠯᠪᠦᠷᠢ ᠳᠦ 40 ᠬᠣᠨᠣᠭ ᠰᠤᠷᠤᠯᠴᠠᠭᠠᠳ ᠢᠷᠡᠭᠰᠡᠨ ᠶᠤᠮ᠃ ᠡᠨᠡ ᠬᠤᠭᠤᠴᠠᠭᠠᠨ ᠳᠤ ᠪᠠᠨ ᠣᠯᠠᠨ ᠤᠯᠤᠰ ᠤᠨ ᠵᠠᠬ᠎ᠠ ᠵᠡᠭᠡᠯᠢ ᠳᠦ ᠴᠢᠭᠯᠡᠭᠰᠡᠨ ᠪᠦᠲᠦᠭᠡᠭᠳᠡᠬᠦᠨ ᠢᠶᠡᠨ ᠨᠡᠪᠲᠡᠷᠡᠭᠦᠯᠬᠦ ᠠᠩᠬᠠᠨ ᠤ ᠠᠯᠬᠤᠮ ᠢᠶᠠᠨ ᠠᠮᠵᠢᠯᠲᠠ ᠲᠠᠢ ᠬᠢᠵᠦ᠂ ᠳᠠᠷᠠᠭ᠎ᠠ ᠶᠢᠨ ᠱᠠᠲᠤᠨ ᠤ GSVLabs ᠍ ᠤᠨ ᠬᠤᠷᠳᠤᠰᠬᠠᠭᠤᠷ ᠬᠥᠲᠦᠯᠪᠦᠷᠢ ᠳᠦ ᠲᠡᠩᠴᠡᠭᠰᠡᠨ ᠪᠠ ᠳ᠋ᠠᠬᠢᠨ ᠠᠮᠧᠷᠢᠺᠠ ᠶᠢᠨ ᠨᠢᠭᠡᠳᠦᠭᠰᠡᠨ ᠤᠯᠤᠰ ᠢ ᠵᠣᠷᠢᠬᠤ ᠪᠠᠷ ᠲᠥᠯᠦᠪᠯᠡᠵᠦ ᠪᠠᠶᠢᠭ᠎ᠠ ᠠᠵᠢ᠃

CV-1

ᠠᠷᠭ᠎ᠠ ᠬᠡᠮᠵᠢᠶᠡᠨ ᠳᠦ ᠣᠷᠣᠯᠴᠠᠭᠴᠢᠳ ᠤᠨ ᠬᠠᠮᠤᠭ ᠤᠨ ᠶᠡᠬᠡ ᠰᠣᠨᠢᠷᠬᠠᠭᠰᠠᠨ ᠠᠰᠠᠭᠤᠯᠲᠠ ᠨᠤᠭᠤᠳ 《ᠭᠠᠷᠠᠭᠠᠨ ᠤ ᠺᠣᠮᠫᠠᠨᠢ ᠶᠢᠨ ᠵᠠᠰᠠᠭᠯᠠᠯ ᠤᠨ ᠣᠨᠴᠠᠯᠢᠭ》᠂ 《ᠰᠢᠯᠢᠺᠶᠣᠨ ᠸᠠᠯᠯᠧᠢ ᠪᠣᠯᠤᠮᠵᠢ ᠪᠠ ᠡᠷᠦᠰᠳᠡᠯ》᠂ 《ᠠᠮᠧᠷᠢᠺᠠ ᠶᠢᠨ ᠨᠢᠭᠡᠳᠦᠭᠰᠡᠨ ᠤᠯᠤᠰ ᠲᠤ ᠠᠮᠵᠢᠯᠲᠠ ᠲᠠᠢ ᠬᠥᠷᠦᠩᠭᠡ ᠪᠣᠰᠬᠠᠬᠤ ᠪᠣᠯᠤᠮᠵᠢ》᠂ 《ᠮᠣᠩᠭᠣᠯᠴᠤᠳ ᠤᠨ ᠮᠡᠳᠡᠯᠭᠡ ᠲᠤᠷᠰᠢᠯᠭ᠎ᠠ᠂ ᠥᠨᠥ ᠶᠢᠨ ᠲᠦᠪᠰᠢᠨ》 ᠵᠡᠷᠭᠡ ᠰᠡᠳᠦᠪ ᠦᠳ ᠢ ᠬᠥᠨᠳᠡᠵᠦ ᠪᠠᠶᠢᠯ᠎ᠠ᠃ ᠠᠯᠺᠧᠮᠢᠰ ᠲᠤ ᠲᠧᠭᠨᠣᠯᠣᠵᠢᠰ ᠺᠣᠮᠫᠠᠨᠢ ᠶᠢᠨ ᠵᠠᠬᠢᠷᠤᠯ ᠬ ∙ ᠬᠠᠩᠭᠠᠢ ᠶᠠᠷᠢᠬᠤ ᠳᠤ ᠪᠠᠨ᠄ ᠮᠣᠩᠭᠣᠯ ᠵᠠᠯᠠᠭᠤᠰ ᠤᠨ ᠬᠠᠮᠤᠭ ᠤᠨ ᠳᠤᠲᠠᠭᠳᠠᠯ ᠲᠠᠢ ᠲᠠᠯ᠎ᠠ ᠨᠤᠭᠤᠳ ᠨᠢ ᠨᠢᠭᠡᠳᠦᠭᠡᠷ ᠲᠤᠪᠠᠭ ᠤᠨ ᠠᠵᠢᠯᠯᠠᠭ᠎ᠠ᠃ ᠣᠯᠠᠨ ᠤᠯᠤᠰ ᠤᠨ ᠲᠦᠪᠰᠢᠨ ᠦ ᠬᠥᠷᠥᠩᠭᠡ ᠣᠷᠣᠭᠤᠯᠤᠭᠴᠢᠳ ᠶᠠᠮᠠᠷ ᠴᠤ ᠰᠠᠶᠢᠬᠠᠨ ᠰᠠᠨᠠᠭ᠎ᠠ ᠪᠠᠶᠢᠭᠰᠠᠨ ᠬᠠᠮᠤᠭ ᠤᠨ ᠲᠦᠷᠦᠭᠦᠨ ᠳᠦ 《ᠬᠡᠨ ᠡᠨᠡ ᠰᠠᠨᠠᠭ᠎ᠠ ᠶᠢ ᠬᠡᠷᠡᠭᠵᠢᠭᠦᠯᠬᠦ ᠪᠤᠢ》 ᠭᠡᠳᠡᠭ ᠢ ᠯᠠ ᠴᠢᠬᠤᠯᠠᠴᠢᠯᠠᠳᠠᠭ᠃ ᠡᠨᠡ ᠨᠢ ᠪᠢᠳᠡᠨ ᠢ ᠤᠯᠠᠮ ᠰᠢᠷᠭᠠᠭᠤ ᠬᠥᠳᠡᠯᠮᠦᠷᠢᠯᠡᠵᠦ᠂ ᠬᠠᠮᠲᠤ ᠶᠢᠨ ᠠᠵᠢᠯᠯᠠᠭᠠᠨ ᠤ ᠴᠢᠳᠠᠪᠤᠷᠢ ᠪᠠᠨ ᠤᠯᠠᠮ ᠨᠡᠮᠡᠭᠳᠡᠭᠦᠯᠬᠦ ᠱᠠᠭᠠᠷᠳᠠᠯᠭ᠎ᠠ ᠲᠠᠢ ᠭᠡᠳᠡᠭ ᠢ ᠰᠠᠨᠠᠭᠤᠯᠵᠤ ᠪᠠᠶᠢᠨ᠎ᠠ᠃ ᠬᠣᠶᠠᠳᠤᠭᠠᠷ ᠲᠤ ᠴᠢᠨᠠᠷ᠃ ᠠᠯᠢᠪᠠ ᠪᠦᠲᠦᠭᠡᠭᠳᠡᠬᠦᠨ ᠢ ᠣᠯᠠᠨ ᠤᠯᠤᠰ ᠤᠨ ᠰᠲ᠋ᠠᠨᠳᠠᠷᠲ ᠲᠤ ᠨᠡᠶᠢᠴᠡᠭᠦᠯᠵᠦ ᠬᠢᠵᠦ ᠰᠤᠷᠬᠤ ᠨᠢ ᠮᠠᠰᠢ ᠴᠢᠬᠤᠯᠠ᠃ ᠢᠩᠭᠢᠵᠦ ᠪᠠᠶᠢᠵᠤ ᠯᠠ ᠪᠢᠳᠡ ᠬᠥᠷᠥᠩᠭᠡ ᠣᠷᠣᠭᠤᠯᠤᠭᠴᠢᠳ ᠤᠨ ᠢᠲᠡᠭᠡᠯ ᠢ ᠬᠦᠯᠢᠶᠡᠨ᠎ᠡ.》 ᠭᠡᠳᠡᠭ ᠢ ᠣᠨᠴᠠᠯᠠᠵᠤ ᠪᠠᠶᠢᠭᠰᠠᠨ ᠶᠤᠮ᠃ ᠮᠥᠨ ᠮᠣᠩᠭᠣᠯ ᠢᠨᠵᠧᠨᠧᠷ ᠦᠳ ᠳᠡᠯᠡᠬᠡᠢ ᠳᠦ ᠥᠷᠢᠰᠦᠯᠳᠡᠬᠦ ᠪᠣᠯᠤᠮᠵᠢ ᠶᠢᠨ ᠲᠠᠯ᠎ᠠ ᠪᠠᠷ 《ᠮᠢᠨᠤ ᠬᠠᠷᠠᠵᠤ ᠪᠠᠶᠢᠭ᠎ᠠ ᠪᠠᠷ ᠪᠢᠳᠡᠨ ᠳᠦ ᠦᠨᠳᠦᠰᠦᠨ 3 ᠭᠣᠣᠯ ᠰᠠᠯᠪᠤᠷᠢ ᠳᠡᠯᠡᠬᠡᠢ ᠳᠦ ᠨᠡᠭᠡᠭᠡᠯᠲᠡ ᠲᠡᠢ ᠪᠠᠶᠢᠨ᠎ᠠ᠃ ᠡᠳᠡᠭᠡᠷ ᠨᠢ ᠺᠣᠮᠫᠢᠶᠦ᠋ᠲ᠋ᠧᠷ ᠦᠨ ᠲᠣᠭᠯᠠᠭᠠᠮ ᠤᠨ ᠵᠠᠬ᠎ᠠ ᠵᠡᠭᠡᠯᠢ᠂ Fintech ᠪᠤᠶᠤ ᠬᠠᠷᠢᠴᠠᠩᠭᠤᠢ ᠰᠢᠨ᠎ᠡ ᠰᠠᠩᠬᠦᠦ ᠶᠢᠨ ᠫᠷᠣᠭᠷᠠᠮᠴᠢᠯᠠᠯ ᠤᠨ ᠵᠠᠬ᠎ᠠ ᠵᠡᠭᠡᠯᠢ᠂ ᠮᠥᠨ ᠸᠢᠷᠲᠤᠸᠠᠯ ᠪᠣᠳᠠᠲᠤ ᠪᠠᠶᠢᠳᠠᠯ ᠪᠤᠶᠤ VR ᠲᠧᠭᠨᠣᠯᠣᠭᠢ ᠶᠤᠮ᠃ ᠡᠨᠡ ᠰᠠᠯᠪᠠᠷ ᠤᠳ ᠢᠷᠡᠭᠡᠳᠦᠢ ᠳᠦ ᠡᠷᠴᠢᠮᠲᠡᠢ ᠬᠥᠭᠵᠢᠬᠦ ᠤᠴᠢᠷ ᠪᠢᠳᠡ ᠣᠳᠤᠭᠠᠨ ᠠᠴᠠ ᠪᠡᠯᠡᠳᠬᠦ ᠬᠡᠷᠡᠭᠲᠡᠢ》 ᠪᠠᠶᠢᠭ᠎ᠠ ᠲᠤᠬᠠᠢ ᠰᠠᠨᠠᠯ᠂ ᠪᠣᠳᠣᠯ ᠢᠶᠠᠨ ᠬᠤᠪᠢᠶᠠᠯᠴᠠᠯ᠎ᠠ᠃

ᠭᠠᠷᠠᠭᠠᠨ ᠤ ᠪᠢᠽᠢᠨ᠋ᠧᠰ ᠢ ᠳᠡᠮᠵᠢᠬᠦ ᠡᠺᠣᠰᠢᠰᠲ᠋ᠧᠮ ᠢ ᠬᠥᠭᠵᠢᠭᠦᠯᠬᠦ ᠵᠣᠷᠢᠯᠲᠠ ᠶᠢᠨ ᠬᠦᠷᠢᠶᠡᠨ ᠳᠦ ᠲᠤᠷᠰᠢᠯᠭ᠎ᠠ ᠰᠤᠳᠤᠯᠬᠤ ᠵᠣᠷᠢᠯᠭ᠎ᠠ ᠪᠠᠷ ᠮᠲᠦᠫ ᠠᠴᠠ ᠢᠨᠨᠣᠸᠠᠼᠢ᠂ ᠲᠧᠭᠨᠣᠯᠣᠭᠢ ᠳᠠᠮᠵᠢᠭᠤᠯᠬᠤ ᠲᠥᠪ ᠦᠨ ᠳᠠᠷᠤᠭ᠎ᠠ ᠳ ∙ ᠪᠠᠲᠤᠬᠤᠶᠠᠭ ᠠᠯᠺᠧᠮᠢᠰ ᠲᠤ ᠲᠧᠭᠨᠣᠯᠣᠵᠢᠰ ᠺᠣᠮᠫᠠᠨᠢ ᠶᠢᠨ ᠪᠠᠭ ᠤᠨ ᠭᠡᠰᠢᠭᠦᠨ ᠢᠶᠡᠷ ᠶᠠᠪᠤᠭᠰᠠᠨ ᠪᠥᠭᠡᠳ ᠶᠠᠷᠢᠶᠠᠨ ᠳᠤ ᠪᠠᠨ 《ᠰᠢᠯᠢᠺᠶᠣᠨ ᠸᠠᠯᠯᠧᠢ ᠳᠤ ᠣᠴᠢᠵᠤ ᠬᠥᠷᠦᠩᠭᠡ ᠪᠣᠰᠬᠠᠬᠤ ᠪᠢᠳᠡᠨ ᠦ ᠭᠣᠣᠯ ᠵᠣᠷᠢᠯᠭ᠎ᠠ ᠪᠠᠶᠢᠭ᠎ᠠ ᠦᠭᠡᠢ᠃ ᠮᠡᠳᠡᠭᠡᠵᠢ ᠴᠢᠳᠠᠯ ᠤᠨ ᠢᠶᠠᠨ ᠬᠢᠷᠢ ᠪᠡᠷ ᠵᠢᠳᠬᠦᠭᠰᠡᠨ᠂ ᠲᠡᠷᠡ ᠬᠢᠷᠢ ᠪᠡᠷ ᠢᠶᠡᠨ ᠲᠣᠳᠣᠷᠬᠠᠢ ᠠᠮᠵᠢᠯᠲᠠ ᠳᠤ ᠬᠦᠷᠦᠭᠰᠡᠨ᠃ ᠬᠠᠮᠤᠭ ᠤᠨ ᠴᠢᠬᠤᠯᠠ ᠨᠢ ᠳᠡᠯᠡᠬᠡᠢ ᠶᠢᠨ ᠰᠢᠯᠢᠳᠡᠭ ᠰᠲ᠋ᠠᠲ᠋ᠠᠫᠠ ᠨᠤᠭᠤᠳ ᠤᠨ ᠬᠠᠯᠠᠭᠤᠨ ᠴᠡᠭ ᠲᠦ ᠣᠴᠢᠵᠤ᠂ ᠬᠤᠷᠳᠤᠰᠬᠠᠭᠤᠷ ᠬᠥᠲᠥᠯᠪᠦᠷᠢ ᠳᠦ ᠨᠢ ᠬᠠᠮᠤᠷᠤᠭᠳᠠᠵᠤ᠂ ᠰᠤᠷᠤᠯᠴᠠᠵᠤ᠂ ᠲᠦᠩᠰᠢᠯᠡᠯ ᠡᠭᠦᠰᠬᠡᠵᠦ᠂ ᠲᠤᠷᠰᠢᠯᠭ᠎ᠠ ᠰᠤᠳᠤᠯᠤᠭᠰᠠᠨ ᠶᠠᠪᠤᠳᠠᠯ ᠪᠠᠶᠢᠯ᠎ᠠ᠃ ᠡᠩᠲᠦᠷᠫᠶᠣᠨᠧᠷ ᠤᠳ᠂ ᠰᠲ᠋ᠠᠲ᠋ᠠᠫ ᠤᠳ ᠢ ᠳᠡᠮᠵᠢᠵᠦ᠂ ᠠᠮᠵᠢᠯᠲᠠ ᠭᠠᠷᠭᠠᠬᠤ ᠦᠨᠳᠦᠰᠦ ᠶᠢ ᠪᠦᠷᠢᠳᠦᠭᠦᠯᠵᠦ ᠴᠢᠳᠠᠳᠠᠭ ᠡᠺᠣᠰᠢᠰᠲ᠋ᠧᠮ ᠢ ᠮᠣᠩᠭᠣᠯ ᠳᠤ ᠪᠠᠨ ᠪᠦᠷᠢᠳᠦᠭᠦᠯᠵᠦ᠂ ᠬᠥᠭᠵᠢᠭᠦᠯᠬᠦ ᠳᠦ ᠡᠨᠡᠬᠦ ᠲᠤᠷᠰᠢᠯᠭ᠎ᠠ ᠶᠡᠬᠡ ᠴᠢᠬᠤᠯᠠ ᠶᠤᠮ᠃ ᠴᠢᠨᠠᠭᠰᠢᠳᠠ ᠪᠠᠨ ᠮᠡᠳᠡᠭᠡᠯᠡᠯ ᠦᠨ ᠲᠧᠭᠨᠣᠯᠣᠭᠢ ᠶᠢᠨ ᠦᠨᠳᠦᠰᠦᠨ ᠦ ᠫᠠᠷᠺ ᠤᠨ ᠵᠦᠭ ᠡᠴᠡ ᠴᠣᠭᠴᠠ ᠡᠺᠣᠰᠢᠰᠲ᠋ᠧᠮ ᠢ ᠪᠦᠷᠢᠳᠦᠭᠦᠯᠬᠦ ᠣᠯᠠᠨ ᠠᠷᠭ᠎ᠠ ᠬᠡᠮᠵᠢᠶ᠎ᠡ ᠶᠢ ᠱᠠᠲᠤ ᠳᠠᠷᠠᠭ᠎ᠠ ᠲᠠᠢ ᠬᠡᠷᠡᠭᠵᠢᠭᠦᠯᠬᠦ ᠪᠡᠷ ᠲᠥᠯᠥᠪᠯᠡᠵᠦ ᠪᠠᠶᠢᠨ᠎ᠠ᠃ ᠲᠤᠬᠠᠶᠢᠯᠠᠪᠠᠯ ᠰᠢᠨ᠎ᠡ ᠶᠢ ᠰᠠᠨᠠᠭᠠᠴᠢᠯᠠᠭᠴᠢ᠂ ᠪᠦᠲᠦᠭᠡᠨ ᠪᠠᠶᠢᠭᠤᠯᠤᠭᠴᠢ ᠬᠦᠮᠦᠰ᠂ ᠡᠩᠲᠷᠧᠫᠶᠣᠨᠧᠷ ᠤᠳ᠂ ᠬᠥᠷᠥᠩᠭᠡ ᠣᠷᠣᠭᠤᠯᠤᠭᠴᠢᠳ᠂ ᠲᠦᠩᠰᠢ ᠨᠦᠭᠦᠳ᠂ ᠭᠠᠷᠠᠭᠠᠨ ᠤ ᠪᠢᠽᠢᠨ᠋ᠧᠰ ᠦᠳ ᠬᠣᠭᠣᠷᠣᠨᠳᠣ ᠪᠠᠨ ᠠᠭᠤᠯᠵᠠᠬᠤ᠂ ᠨᠢᠭᠡᠨ ᠡᠴᠡ ᠪᠡᠨ ᠰᠤᠷᠤᠯᠴᠠᠬᠤ᠂ ᠬᠠᠮᠲᠤᠷᠠᠨ ᠠᠵᠢᠯᠯᠠᠬᠤ ᠨᠥᠬᠥᠴᠡᠯ ᠢ ᠪᠦᠷᠢᠳᠦᠭᠦᠯᠬᠦ ᠠᠵᠢᠯ ᠢ ᠨᠡᠩ ᠲᠡᠷᠢᠭᠦᠨ ᠳᠦ ᠵᠣᠬᠢᠶᠠᠨ ᠪᠠᠶᠢᠭᠤᠯᠬᠤ ᠪᠣᠯᠤᠨ᠎ᠠ.》 《ᠲᠡᠭᠦᠨ ᠡᠴᠡ ᠭᠠᠳᠠᠨ᠎ᠠ ᠴᠠᠬᠢᠭᠤᠷ ᠤᠨ ᠬᠥᠨᠳᠡᠢ ᠳᠦ ᠬᠢᠵᠦ ᠪᠦᠲᠦᠭᠡᠵᠦ ᠴᠢᠳᠠᠭᠰᠠᠨ᠂ ᠥᠪᠡᠷ ᠦᠨ ᠨᠡᠷ᠎ᠡ ᠬᠦᠨᠳᠦ ᠪᠡᠨ ᠪᠦᠷᠢᠳᠦᠭᠦᠯᠦᠭᠰᠡᠨ ᠣᠯᠠᠩᠬᠢ ᠶᠢ ᠪᠦᠷᠢᠳᠦᠭᠦᠯᠬᠦ ᠴᠢᠬᠤᠯᠠ ᠪᠠᠶᠢᠨ᠎ᠠ᠃ ᠪᠢᠳᠡ ᠵᠥᠪᠬᠡᠨ ᠰᠲ᠋ᠠᠲ᠋ᠠᠫ ᠭᠠᠷᠭᠠᠬᠤ ᠶᠢ ᠳᠡᠮᠵᠢᠭᠡᠳ ᠵᠣᠭᠰᠣᠬᠤ ᠦᠭᠡᠢ᠂ ᠲᠡᠨᠳᠡ ᠰᠢᠯᠢᠺᠶᠣᠨ ᠸᠠᠯᠯᠧᠢ ᠳᠤ ᠣᠯᠠᠭᠤᠯᠠ ᠪᠠᠨ ᠪᠣᠯᠬᠤ ᠶᠢ ᠵᠣᠷᠢᠵᠤ ᠠᠵᠢᠯᠯᠠᠬᠤ ᠱᠠᠭᠠᠷᠳᠠᠯᠭ᠎ᠠ ᠲᠠᠢ ᠪᠠᠶᠢᠨ᠎ᠠ᠃ ᠡᠨᠡᠳᠬᠡᠭ᠂ ᠰᠣᠯᠣᠩᠭᠣᠰ ᠵᠡᠷᠭᠡ ᠤᠯᠤᠰ ᠤᠳ ᠤᠨ ᠲᠤᠷᠰᠢᠯᠭ᠎ᠠ ᠠᠴᠠ ᠰᠤᠷᠤᠯᠴᠠᠬᠤ ᠬᠡᠷᠡᠭᠲᠡᠢ》 ᠭᠡᠳᠡᠭ ᠢ ᠣᠨᠴᠠᠯᠠᠭᠰᠠᠨ ᠶᠤᠮ᠃ᠡᠷᠡᠭᠲᠡᠢ》 ᠭᠡᠳᠡᠭ ᠢ ᠣᠨᠴᠠᠯᠠᠭᠰᠠᠨ ᠶᠤᠮ᠃

ᠬ ∙ ᠬᠠᠩᠭᠠᠢ᠄ 《ᠪᠢᠳᠡ ᠡᠳᠦᠷ ᠪᠣᠯᠭᠠᠨ ᠰᠢᠨ᠎ᠡ ᠬᠦᠮᠦᠰ ᠲᠡᠢ ᠠᠭᠤᠯᠵᠠᠵᠤ ᠵᠥᠪᠯᠡᠭᠡ ᠠᠪᠬᠤ᠂ ᠬᠥᠷᠥᠩᠭᠡ ᠣᠷᠣᠭᠤᠯᠤᠯᠲᠠ ᠬᠠᠶᠢᠬᠤ ᠵᠡᠷᠭᠡ ᠪᠡᠷ ᠬᠠᠷᠢᠯᠴᠠᠭ᠎ᠠ ᠪᠠᠨ ᠲᠡᠯᠡᠵᠦ ᠪᠠᠶᠢᠯ᠎ᠠ᠃ ᠲᠡᠨᠳᠡ ᠥᠪᠡᠷᠰᠡᠳ ᠦᠨ ᠢᠶᠡᠨ ᠪᠦᠲᠦᠭᠡᠭᠳᠡᠬᠦᠨ ᠢᠶᠡᠨ ᠮᠠᠰᠢ ᠪᠣᠭᠣᠨᠢ ᠬᠤᠭᠤᠴᠠᠭᠠᠨ ᠳᠤ ᠣᠨᠣᠪᠴᠢᠲᠠᠢ ᠲᠠᠨᠢᠯᠴᠠᠭᠤᠯᠵᠤ᠂ ᠤᠤ ᠬᠦᠰᠴᠢ ᠪᠠᠶᠢᠭ᠎ᠠ ᠪᠠᠨ ᠢᠯᠡᠷᠬᠡᠶᠢᠯᠡᠬᠦ ᠱᠠᠭᠠᠷᠳᠠᠯᠭ᠎ᠠ ᠲᠤᠯᠭᠠᠷᠴᠢ ᠪᠠᠶᠢᠪᠠ᠃ ᠶᠡᠷᠦ ᠨᠢ ᠰᠲ᠋ᠠᠲ᠋ᠠᠫ ᠤᠳ ᠲᠤ PITCH ᠪᠤᠶᠤ ᠨᠠᠶᠢᠷ ᠢᠶᠠᠨ ᠬᠢᠬᠦ ᠱᠠᠭᠠᠷᠳᠠᠯᠭ᠎ᠠ ᠲᠤᠯᠭᠠᠷᠠᠳᠠᠭ᠃ ᠮᠣᠩᠭᠣᠯ ᠤᠨ ᠺᠣᠮᠫᠠᠨᠢ ᠨᠤᠭᠤᠳ ᠰᠠᠨᠠᠭ᠎ᠠ ᠪᠠᠨ ᠠᠯᠳᠠᠴᠢᠬᠠᠨ᠎ᠠ᠂ ᠬᠤᠯᠠᠭᠠᠶᠢᠯᠠᠭᠤᠯᠤᠨ᠎ᠠ ᠭᠡᠳ ᠮᠠᠭᠤ ᠰᠠᠨᠠᠭᠠᠯᠠᠭᠠᠳ ᠰᠢᠨ᠎ᠡ ᠰᠠᠨᠠᠭ᠎ᠠ ᠪᠠᠨ ᠢᠯᠡ ᠶᠠᠷᠢᠳᠠᠭ ᠦᠭᠡᠢ᠃ ᠰᠢᠯᠢᠺᠶᠣᠨ ᠸᠠᠯᠯᠧᠢ ᠳᠤ ᠪᠣᠯ ᠶᠠᠭ ᠡᠰᠡᠷᠭᠦ ᠪᠡᠷ ᠢᠶᠡᠨ ᠪᠣᠯᠤᠮᠵᠢ ᠣᠯᠳᠠᠭᠰᠠᠨ ᠯᠠ ᠪᠣᠯ ᠬᠡᠨ ᠳᠦ ᠴᠤ ᠪᠠᠶᠢᠭᠰᠠᠨ ᠰᠠᠨᠠᠭ᠎ᠠ ᠪᠠᠨ ᠶᠠᠷᠢᠵᠤ ᠪᠠᠶᠢᠳᠠᠭ᠃ ᠲᠡᠭᠡᠵᠦ ᠪᠠᠶᠢᠵᠤ ᠯᠠ ᠬᠠᠮᠲᠤᠷᠠᠭᠴᠢ᠂ ᠲᠦᠩᠰᠢ ᠪᠡᠨ᠂ ᠬᠥᠷᠥᠩᠭᠡ ᠣᠷᠣᠭᠤᠯᠤᠭᠴᠢ ᠪᠠᠨ ᠣᠯᠵᠤ ᠴᠢᠳᠠᠨ᠎ᠠ᠃ ᠡᠨᠡ ᠰᠤᠶᠤᠯ ᠢ ᠯᠠ ᠮᠣᠩᠭᠣᠯ ᠳᠤ ᠨᠡᠪᠲᠡᠷᠡᠭᠦᠯᠬᠦ ᠬᠡᠷᠡᠭᠲᠡᠢ ᠰᠠᠨᠠᠭᠳᠠᠭᠰᠠᠨ᠃ ᠬᠥᠷᠥᠩᠭᠡ ᠣᠷᠣᠭᠤᠯᠤᠭᠴᠢ ᠬᠠᠮᠢᠭ᠎ᠠ ᠴᠤ ᠪᠠᠶᠢᠵᠤ ᠮᠠᠭᠠᠳ ᠦᠭᠡᠢ》 ᠭᠡᠵᠦ ᠶᠠᠷᠢᠭᠰᠠᠨ ᠶᠤᠮ᠃ᠵᠤ ᠮᠠᠭᠠᠳ ᠦᠭᠡᠢ》 ᠭᠡᠵᠦ ᠶᠠᠷᠢᠭᠰᠠᠨ ᠶᠤᠮ᠃

ᠮᠣᠩᠭᠣᠯ ᠤᠨ ᠭᠠᠷᠠᠭᠠᠨ ᠤ ᠪᠢᠽᠢᠨ᠋ᠧᠰ ᠢ 《ᠰᠢᠯᠢᠺᠶᠣᠨ ᠸᠠᠯᠯᠧᠢ》 ᠍ ᠲᠤ ᠨᠤᠲᠤᠭᠰᠢᠭᠤᠯᠬᠤ ᠳᠤ ᠭᠦᠭᠦᠷᠭᠡ ᠪᠣᠯᠬᠤ ᠪᠢᠳᠡᠨ ᠦ ᠵᠣᠷᠢᠯᠭ᠎ᠠ ᠠᠵᠢᠯ ᠪᠣᠯᠵᠤ ᠬᠡᠷᠡᠭᠵᠢᠵᠦ ᠡᠬᠢᠯᠡᠯ᠎ᠡ᠃