ᠴᠠᠬᠢᠮ ᠮᠡᠳᠡᠭᠡᠯᠡᠯ ᠦᠨ ᠬᠡᠷᠡᠭᠯᠡᠭᠡ᠂ ᠠᠰᠢᠭᠯᠠᠯᠲᠠ ᠡᠳᠦᠷ ᠢᠷᠡᠬᠦ ᠲᠤᠰᠤᠮ ᠨᠡᠮᠡᠭᠳᠡᠬᠦ ᠶᠢᠨ ᠬᠢᠷᠢ ᠪᠡᠷ ᠬᠡᠷᠡᠭᠯᠡᠭᠴᠢᠳ ᠲᠦ ᠰᠠᠨᠠᠭ᠎ᠠ ᠲᠠᠢ ᠪᠣᠯᠤᠨ ᠰᠠᠨᠠᠮᠰᠠᠷ ᠦᠭᠡᠢ ᠪᠡᠷ ᠬᠣᠣᠷ ᠬᠣᠬᠢᠷᠠᠯ ᠤᠴᠠᠷᠠᠭᠰᠠᠭᠠᠷ ᠪᠠᠶᠢᠭ᠎ᠠ ᠪᠢᠯᠡ᠃ ᠡᠭᠦᠨ ᠢ ᠳᠠᠭᠠᠭᠠᠳ ᠴᠠᠬᠢᠮ ᠮᠡᠳᠡᠭᠡᠯᠡᠯ ᠦᠨ ᠠᠶᠤᠯ ᠦᠭᠡᠢ ᠪᠠᠶᠢᠳᠠᠯ ᠢ ᠬᠠᠩᠭᠠᠬᠤ ᠬᠡᠷᠡᠭᠴᠡᠭᠡ ᠱᠠᠭᠠᠷᠳᠠᠯᠭ᠎ᠠ ᠨᠡᠩ ᠴᠢᠬᠤᠯᠠ ᠳᠤ ᠲᠣᠭᠠᠴᠠᠭᠳᠠᠵᠤ ᠪᠠᠶᠢᠨ᠎ᠠ᠃ ᠴᠠᠬᠢᠮ ᠮᠡᠳᠡᠭᠡᠯᠡᠯ ᠦᠨ ᠠᠶᠤᠯ ᠦᠭᠡᠢ ᠪᠠᠶᠢᠳᠠᠯ ᠢ ᠬᠠᠩᠭᠠᠬᠤ ᠳᠤ ᠴᠢᠳᠠᠪᠤᠷᠢ ᠲᠠᠢ ᠪᠣᠯᠪᠠᠰᠤᠨ ᠬᠦᠴᠦᠨ᠂ ᠬᠠᠤᠯᠢ ᠡᠷᠬᠡ ᠵᠦᠢ ᠶᠢᠨ ᠲᠣᠭᠲᠠᠪᠤᠷᠢᠲᠠᠢ ᠣᠷᠴᠢᠨ᠂ ᠲᠧᠭᠨᠢᠭ ᠬᠠᠩᠭᠠᠮᠵᠢ᠂ ᠲᠣᠨᠣᠭ ᠲᠥᠬᠦᠭᠡᠷᠦᠮᠵᠢ ᠶᠢᠨ ᠢᠵᠢ ᠪᠥᠷᠢᠨ ᠰᠢᠢᠳᠦᠯ ᠭᠣᠣᠯᠯᠠᠬᠤ ᠡᠭᠦᠷᠭᠡ ᠶᠢ ᠭᠦᠢᠴᠡᠳᠭᠡᠬᠦ ᠬᠡᠳᠦᠢ ᠴᠤ ᠬᠤᠪᠢᠰᠤᠨ ᠬᠥᠭᠵᠢᠵᠦ ᠪᠤᠢ ᠴᠠᠬᠢᠮ ᠲᠧᠭᠨᠣᠯᠣᠭᠢ᠂ ᠬᠡᠷᠡᠭᠯᠡᠭᠡᠨ ᠳᠦ ᠨᠡᠶᠢᠴᠡᠭᠦᠯᠦᠨ ᠥᠭᠡᠷᠡᠴᠢᠯᠡᠭᠳᠡᠨ ᠬᠦᠭᠵᠢᠬᠦ ᠨᠢ ᠨᠡᠩ ᠱᠠᠭᠠᠷᠳᠠᠯᠭ᠎ᠠ ᠲᠠᠢ ᠶᠤᠮ᠃
ᠡᠶᠢᠮᠦ ᠳᠦ ᠴᠠᠬᠢᠮ ᠮᠡᠳᠡᠭᠡᠯᠡᠯ ᠦᠨ ᠠᠶᠤᠯ ᠦᠭᠡᠢ ᠪᠠᠶᠢᠳᠠᠯ ᠤᠨ ᠴᠢᠭᠯᠡᠯ ᠢᠶᠡᠷ ᠣᠯᠠᠨ ᠤᠯᠤᠰ ᠤᠨ ᠪᠣᠯᠤᠨ ᠳᠣᠲᠣᠭᠠᠳᠤ ᠶᠢᠨ ᠮᠡᠷᠭᠡᠵᠢᠯᠲᠡᠨ ᠨᠦᠭᠦᠳ ᠲᠡᠢ ᠮᠡᠳᠡᠭᠡᠯᠡᠯ᠂ ᠮᠡᠳᠡᠯᠭᠡ ᠴᠢᠳᠠᠪᠤᠷᠢ ᠪᠠᠨ ᠰᠤᠯᠢᠯᠴᠠᠬᠤ᠂ ᠠᠷᠭ᠎ᠠ ᠲᠤᠷᠰᠢᠯᠭ᠎ᠠ ᠪᠠᠨ ᠬᠤᠪᠢᠶᠠᠯᠴᠠᠬᠤ ᠵᠣᠷᠢᠯᠭ᠎ᠠ ᠪᠠᠷ ᠵᠣᠬᠢᠶᠠᠨ ᠪᠠᠶᠢᠭᠤᠯᠤᠭᠳᠠᠳᠠᠭ 《MNSEC 2016》 ᠠᠭᠤᠯᠵᠠᠯᠲᠠ᠂ ᠡᠳᠦᠷᠯᠢᠭ ᠢ ᠲᠥᠷᠥ ᠶᠢᠨ ᠪᠣᠯᠤᠨ ᠬᠤᠪ ᠤᠨ ᠪᠠᠶᠢᠭᠤᠯᠤᠯᠭ᠎ᠠ ᠶᠢᠨ ᠮᠡᠳᠡᠭᠡᠯᠡᠯ ᠲᠧᠭᠨᠣᠯᠣᠭᠢ ᠶᠢᠨ ᠮᠡᠷᠭᠡᠵᠢᠯᠲᠡᠨ ᠨᠦᠭᠦᠳ ᠪᠣᠯᠤᠨ ᠮᠡᠳᠡᠭᠡᠯᠡᠯ ᠦᠨ ᠲᠧᠭᠨᠣᠯᠣᠭᠢ ᠶᠢᠨ ᠮᠡᠷᠭᠡᠵᠢᠯ ᠢᠶᠡᠷ ᠰᠤᠷᠤᠯᠴᠠᠳᠠᠭ ᠣᠶᠤᠲᠠᠨ ᠨᠤᠭᠤᠳ ᠢ ᠬᠠᠮᠤᠷᠤᠭᠤᠯᠤᠨ 2016 ᠣᠨ ᠤ 09 ᠳᠦᠭᠡᠷ ᠰᠠᠷ᠎ᠠ ᠶᠢᠨ 28᠂29 –ᠨᠢᠭᠢ ᠡᠳᠦᠷ ᠦᠳ ᠲᠦ 《The Corporate Hotel ᠊ Convention Centre》 ᠍ ᠤᠨ 《Event Hall》 ᠍ ᠳᠦ 3 ᠳᠠᠬᠢ ᠤᠳᠤᠭ᠎ᠠ ᠪᠠᠨ ᠠᠮᠵᠢᠯᠲᠠ ᠲᠠᠢ ᠵᠣᠬᠢᠶᠠᠨ ᠪᠠᠶᠢᠭᠤᠯᠤᠯ᠎ᠠ᠃
《MNSEC-2016》 ᠠᠷᠭ᠎ᠠ ᠬᠡᠮᠵᠢᠶᠡᠨ ᠳᠦ ᠨᠡᠶᠢᠲᠡ 7 ᠣᠷᠣᠨ ᠤ 17 ᠢᠯᠡᠳᠬᠡᠭᠴᠢ ᠣᠷᠣᠯᠴᠠᠭᠰᠠᠨ ᠪᠥᠭᠡᠳ ᠳᠠᠷᠠᠭᠠᠬᠢ ᠢᠯᠡᠳᠬᠡᠯ ᠦᠳ ᠢ ᠲᠠᠨᠢᠯᠴᠠᠭᠤᠯᠪᠠ᠃
ᠥᠨ 《MNSEC-2016》 ᠠᠷᠭ᠎ᠠ ᠬᠡᠮᠵᠢᠶᠡᠨ ᠦ ᠦᠶ᠎ᠡ ᠪᠡᠷ ᠣᠯᠠᠨ ᠨᠡᠶᠢᠲᠡ ᠳᠦ ᠮᠡᠳᠡᠭᠡᠯᠡᠯ ᠦᠨ ᠠᠶᠤᠯ ᠦᠭᠡᠢ ᠪᠠᠶᠢᠳᠠᠯ ᠤᠨ ᠲᠠᠯᠠᠭᠠᠷᠬᠢ ᠦᠨᠡᠨ ᠵᠥᠪ᠂ ᠪᠣᠳᠠᠲᠠᠢ ᠣᠶᠢᠯᠠᠭᠠᠯᠲᠠ᠂ ᠮᠡᠳᠡᠯᠭᠡ ᠶᠢ ᠪᠤᠢ ᠪᠣᠯᠭᠠᠬᠤ᠂ ᠲᠥᠯᠦᠪᠰᠢᠭᠦᠯᠬᠦ᠂ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ ᠵᠣᠬᠢᠶᠠᠨ ᠪᠠᠶᠢᠭᠤᠯᠤᠭᠳᠠᠳᠠᠭ ᠴᠠᠬᠢᠮ ᠠᠶᠤᠯ ᠦᠭᠡᠢ ᠪᠠᠶᠢᠳᠠᠯ ᠤᠨ 《ᠬᠠᠷᠠᠭᠤᠯ ᠵᠠᠩᠭᠢ 2016 》 ᠲᠡᠮᠡᠴᠡᠭᠡᠨ ᠦ ᠡᠴᠦᠰ ᠦᠨ ᠱᠠᠲᠤ ᠶᠠᠪᠤᠭᠳᠠᠵᠤ ᠠᠪᠤᠷᠭᠤ ᠪᠠᠨ ᠲᠣᠳᠣᠷᠠᠭᠤᠯᠤᠭᠰᠠᠨ ᠪᠣᠯ Open Source log management᠂ Metasploit ᠰᠡᠳᠦᠪ ᠢᠶᠡᠷ ᠠᠶᠤᠯ ᠦᠭᠡᠢ ᠪᠠᠶᠢᠳᠠᠯ ᠰᠤᠳᠤᠯᠤᠭᠠᠴᠢ ᠼ ∙ ᠭᠠᠩᠪᠣᠯᠣᠳ᠂ 《ᠦᠨᠳᠦᠰᠦᠨ ᠦ ᠳᠠᠲ᠋ᠠ ᠲᠥᠪ》 УТҮГ – ᠍ ᠤᠨ ᠰᠢᠰᠲ᠋ᠧᠮ᠂ ᠥᠭᠭᠥᠭᠳᠡᠯ ᠦᠨ ᠰᠠᠩ ᠤᠨ ᠠᠳᠮᠢᠨ ᠮ ∙ ᠪᠠᠲᠤᠮᠥᠶᠢᠩᠬᠡ ᠨᠠᠷ ᠰᠤᠷᠭᠠᠯᠲᠠ᠂ ᠮᠡᠳᠡᠭᠡᠯᠡᠯ ᠬᠢᠯ᠎ᠡ᠃
ᠡᠷᠦᠩᠬᠡᠢ ᠢᠪᠡᠭᠡᠨ ᠲᠡᠳᠬᠦᠭᠴᠢ ᠪᠡᠷ 《ᠲᠷᠢᠳᠤᠮ》 ᠬᠬᠺ᠂ ᠵᠣᠬᠢᠶᠠᠨ ᠪᠠᠶᠢᠭᠤᠯᠤᠭᠴᠢ ᠪᠠᠷ 《ᠴᠠᠬᠢᠮ ᠠᠶᠤᠯ ᠦᠭᠡᠢ ᠪᠠᠶᠢᠳᠠᠯ ᠤᠨ ᠮᠡᠳᠡᠭᠡᠯᠡᠯ ᠤᠳᠤᠷᠢᠳᠤᠯᠭ᠎ᠠ ᠶᠢᠨ ᠲᠥᠪ《 ᠲᠪᠪ (MNCERT/CC)᠂ 《ᠦᠨᠳᠦᠰᠦᠨ ᠦ ᠳᠠᠲ᠋ᠠ ᠲᠥᠪ》 ᠤᠲᠦᠭ ᠲᠤᠰ ᠲᠤᠰ ᠠᠵᠢᠯᠯᠠᠯ᠎ᠠ᠃


